ᠨᠠᠶ᠋ᠢᠵᠠ ᠨᠥᠬᠥᠳ ᠭᠡᠳᠡᠭ ᠦᠭᠡ - ᠭᠦᠷᠵᠠᠪ Найз нөхөд гэдэг үг – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠶ᠋ᠢᠵᠠ ᠨᠥᠬᠥᠳ ᠭᠡᠳᠡᠭ ᠦᠭᠡ - ᠭᠦᠷᠵᠠᠪ Найз нөхөд гэдэг үг – Гүржав

ᠨᠠᠶ᠋ᠢᠵᠠ ᠨᠥᠬᠥᠳ ᠭᠡᠳᠡᠭ ᠦᠭᠡ - ᠭᠦᠷᠵᠠᠪ Найз нөхөд гэдэг үг – Гүржав

2023-03-20

392

ᠨᠠᠶ᠋ᠢᠵᠠ ᠨᠥᠬᠥᠳ ᠭᠡᠳᠡᠭ ᠦᠭᠡ


      ( ᠨᠢᠯᠬᠠᠰᠠᠭ ᠣᠶᠤᠨ ᠰᠡᠤᠠᠬᠢᠴᠡ ᠲᠡᠢ ᠰᠤᠷᠤᠭᠴᠢᠳ ᠦ᠋ᠨ ᠶ᠋ᠢᠠᠨ 《 ᠨᠠᠶ᠋ᠢᠵᠠ ᠨᠥᠬᠥᠳ 》 ᠭᠡᠬᠦ ᠬᠣᠶᠠᠷ ᠦᠭᠡ ᠶ᠋ᠢᠨ ᠤᠤᠠᠬ᠎ᠠ ᠶ᠋ᠢᠨ ᠠᠰᠠᠭᠤᠯᠲᠠ ᠶ᠋ᠢᠨ ᠬᠠᠷᠢᠭᠤ  ᠳᠤ ᠨᠠᠶ᠋ᠢᠷᠠᠭᠤᠯᠵᠤ  ᠪᠢᠴᠢᠭᠰᠡᠨ ᠲᠠᠶ᠋ᠢᠯᠪᠤᠷᠢ ᠰᠢᠯᠦᠭ )
                     ᠭᠦᠷᠵᠠᠪ

 ᠨᠠᠶ᠋ᠢᠵᠠ ᠂ ᠨᠥᠬᠥᠳ  ᠭᠡᠳᠡᠭ ᠦᠭᠡ
 ᠨᠠᠶ᠋ᠢᠷ ᠬᠠᠶ᠋ᠢᠷ᠎ᠠ ᠭᠡᠰᠡᠨ ᠦᠭᠡ ᠶᠤᠮ
 ᠨᠠᠮᠠᠢ᠍ᠢ ᠳᠡᠮᠵᠢᠨ᠎ᠡ ᠂ ᠴᠢᠮᠠᠢ᠍ᠢ ᠲᠤᠰᠠᠯᠠᠨ᠎ᠠ
 ᠨᠢᠭᠡ ᠢᠮᠠᠬᠤ ᠴᠥ᠍ ᠰᠠᠯᠬᠤ ᠦᠭᠡᠢ ᠭᠡᠰᠡᠨ ᠦᠭᠡ ᠶᠤᠮ
 ᠨᠢᠲᠤᠷᠬ᠋᠎ᠠ ᠡᠷᠭᠢᠭᠦᠯᠬᠦ ᠦᠭᠡᠢ
 《 ᠨᠢᠰᠤᠩᠬᠠᠢ 》 ᠪᠠᠨ ᠳᠣᠷᠣᠮᠵᠢᠯᠠᠬᠤ ᠦᠭᠡᠢ
 《 ᠨᠢᠭᠤᠴᠠ 》 ᠪᠠᠨ ᠳᠠᠯᠳᠠᠯᠠᠬᠤ ᠦᠭᠡᠢ
 ᠨᠢᠯᠪᠤᠰᠤ ᠪᠠᠨ ᠦᠵᠡᠯᠴᠡᠬᠦ ᠦᠭᠡᠢ  — 
 ᠨᠢᠬᠲᠠᠷᠠᠨ᠎ᠠ ᠂ ᠵᠢᠭᠳᠡᠷᠡᠨ᠎ᠡ
 ᠨᠠᠶ᠋ᠢᠭᠤᠬᠤ ᠦᠭᠡᠢ ᠭᠤᠶ᠋ᠢᠪᠢᠬᠤ ᠦᠭᠡᠢ ᠂
 ᠪᠠᠲᠤ ᠲᠦᠰᠢᠯᠴᠡᠨ᠎ᠡ ᠭᠡᠰᠡᠨ ᠦᠭᠡ ᠶᠤᠮ
 ᠨᠠᠶ᠋ᠢᠵᠠ ᠂ ᠨᠥᠬᠥᠳ  ᠭᠡᠳᠡᠭ ᠦᠭᠡ
 ᠨᠡᠩᠬᠢ ᠰᠢᠷᠤᠢ ᠭᠡᠰᠡᠨ ᠦᠭᠡ ᠪᠢᠰᠢ
 ᠨᠠᠷᠠᠰᠤ ᠮᠠᠶ᠋ᠢᠯᠠᠰᠤ ᠭᠡᠰᠡᠨ ᠦᠭᠡ ᠶᠤᠮ
 ᠨᠠᠨᠲᠢᠨ ᠴᠢᠨᠠᠷ ᠬᠤᠪᠢᠷᠠᠬᠤ ᠦᠭᠡᠢ ᠭᠡᠰᠡᠨ ᠦᠭᠡ ᠶᠤᠮ
 ᠨᠠᠶ᠋ᠢᠲᠠᠯᠬ᠋᠎ᠠ ᠳᠡᠮᠵᠢᠯᠭᠡ ᠬᠤᠮᠰᠠᠤᠠᠬᠤ ᠦᠭᠡᠢ ᠭᠡᠰᠡᠨ ᠦᠭᠡ ᠶᠤᠮ
 ᠨᠠᠷᠢᠨ ᠤᠬᠠᠭᠠᠨ ᠵᠠᠷᠤᠬᠤ ᠦᠭᠡᠢ ᠭᠡᠰᠡᠨ ᠦᠭᠡ ᠶᠤᠮ
 ᠨᠠᠶ᠋ᠢᠷᠠᠮᠲᠠᠯ ᠂ ᠨᠥᠬᠥᠷᠯᠡᠯ ᠊ᠢ
 ᠡᠪᠲᠡᠬᠦ ᠦᠭᠡᠢ ᠭᠡᠰᠡᠨ ᠦᠭᠡ ᠶᠤᠮ
 ᠨᠠᠭᠠᠲᠤᠮ ᠲᠣᠭᠯᠠᠭᠠᠮ  ᠳᠤ 《 ᠬᠣᠷᠣᠰᠬᠤ 》 ᠦᠭᠡᠢ ᠭᠡᠰᠡᠨ ᠦᠭᠡ ᠶᠤᠮ
 ᠨᠠᠭᠠᠰᠢ ᠂ ᠴᠠᠭᠠᠰᠢ ᠪᠠᠨ ᠬᠤᠤᠠᠬᠤᠯᠠᠬᠤ ᠦᠭᠡᠢ ᠭᠡᠰᠡᠨ ᠦᠭᠡ ᠶᠤᠮ
 《 ᠨᠠᠷᠠ ᠦᠭᠡᠢ 》 ᠮᠠᠭᠤᠬᠠᠢ ᠳᠦᠷᠢᠯᠡᠬᠦ ᠦᠭᠡᠢ ᠭᠡᠰᠡᠨ ᠦᠭᠡ ᠶᠤᠮ
 ᠨᠠᠭᠠᠰᠢ ᠦᠭᠡᠢ ᠶᠠᠪᠤᠲᠠᠯ ᠬᠢᠬᠦ ᠦᠭᠡᠢ ᠭᠡᠰᠡᠨ ᠦᠭᠡ ᠶᠤᠮ
 ᠨᠠᠶ᠋ᠢᠵᠠ ᠂ ᠨᠥᠬᠥᠳ ᠭᠡᠳᠡᠭ ᠦᠭᠡ
 ᠨᠠᠷᠭᠢᠯᠲᠤᠨ᠎ᠠ ᠂ ᠪᠠᠶᠠᠰᠤᠯᠲᠤᠨ᠎ᠠ
  ᠨᠢᠷᠭᠡᠯᠲᠦᠨ᠎ᠡ ᠳᠠᠷᠭᠢᠯᠳᠤᠨ᠎ᠠ
 《 ᠨᠢᠭᠡᠯᠡ ᠬᠥᠮᠦᠨ ᠠᠲᠠᠯᠢ 》 ᠪᠦᠯᠬᠦᠮᠲᠡᠨ᠎ᠡ ᠭᠡᠰᠡᠨ ᠦᠭᠡ ᠶᠤᠮ
 ᠨᠡᠶ᠋ᠢᠲᠡ ᠳᠠᠶᠠᠭᠠᠷ ᠶ᠋ᠢᠠᠨ ᠲᠠᠪᠰᠢᠨ᠎ᠠ ᠭᠡᠰᠡᠨ ᠦᠭᠡ ᠶᠤᠮ ᠂ ᠂ ᠂ ᠂
 ᠨᠠᠶ᠋ᠢᠵᠠ ᠂ ᠨᠥᠬᠥᠳ ᠲᠡᠢ ᠬᠥᠮᠦᠨ 
 ᠨᠠᠶ᠋ᠢᠷᠰᠠᠭ ᠳᠣᠲᠣᠨᠣ ᠬᠥᠮᠦᠨ ᠶᠤᠮ ᠂
 ᠨᠠᠶ᠋ᠢᠲᠠᠪᠤᠷᠢ ᠲᠠᠢ  ᠢᠲᠡᠭᠡᠯ ᠲᠡᠢ ᠬᠥᠮᠦᠨ ᠶᠤᠮ
 ᠨᠠᠮᠢᠯᠵᠠᠭᠰᠠᠨ ᠰᠡᠤᠠᠬᠢᠯ ᠲᠡᠢ ᠬᠥᠮᠦᠨ ᠶᠤᠮ
 ᠨᠡᠮᠡᠷᠢ ᠶᠡᠬᠡ ᠦᠢᠯᠡᠰ ᠲᠦ
 ᠨᠡᠮᠡᠷᠢ ᠬᠠᠨᠲᠢᠪ ᠲᠠᠢ ᠬᠥᠮᠦᠨ ᠶᠤᠮ
 ᠨᠠᠶ᠋ᠢᠵᠠ ᠂ ᠨᠥᠬᠥᠳ ᠦᠭᠡᠢ ᠬᠥᠮᠦᠨ
 ᠨᠠᠪᠰᠢᠢᠬᠰᠨ — ᠰᠦᠨᠡᠰᠦ ᠦᠭᠡᠢ ᠬᠥᠮᠦᠨ ᠶᠤᠮ
 ᠨᠠᠪᠲᠠᠶ᠋ᠢᠬᠰᠠᠨ — ᠰᠦᠯᠲᠡ ᠦᠭᠡᠢ ᠬᠥᠮᠦᠨ ᠶᠤᠮ
 ᠨᠠᠷᠭᠢᠶ᠎ᠠ ᠦᠭᠡᠢ — ᠭᠠᠭᠴᠠᠭᠠᠷᠲᠠᠮᠠᠯ ᠬᠥᠮᠦᠨ ᠶᠤᠮ
 ᠨᠠᠮᠪᠠ ᠦᠭᠡᠢ — ᠭᠠᠴᠢᠬᠲᠠᠩᠭᠤᠢ ᠬᠥᠮᠦᠨ ᠶᠤᠮ
 ᠨᠡᠷᠡᠲᠦ ᠬᠣᠷᠸ᠋᠎ᠠ  ᠳᠤ ᠴᠤᠬᠤᠶ᠋ᠢᠬᠤ
 ᠨᠢᠭᠤᠷ ᠦᠭᠡᠢ — ᠨᠦᠯᠴᠦᠭᠡᠷ ᠬᠥᠮᠦᠨ ᠶᠤᠮ
 ᠨᠠᠭᠠᠲᠤᠬᠢ ᠴᠠᠭᠠᠲᠤᠬᠢ ᠶ᠋ᠢ ᠢᠯᠭᠠᠬᠤ
 ᠨᠢᠲᠦ ᠦᠭᠡᠢ — ᠰᠣᠬᠣᠷ ᠬᠥᠮᠦᠨ ᠶᠤᠮ
 ᠨᠠᠲᠠ ᠴᠢᠮ᠎ᠠ  ᠳᠤ ᠳᠣᠷᠠᠰᠤᠭᠤᠯᠤᠮᠠᠷ
 ᠨᠡᠷ᠎ᠡ ᠦᠭᠡᠢ — ᠶᠠᠲᠠᠷ ᠬᠥᠮᠦᠨ ᠶᠤᠮ 
 ᠨᠠᠮᠲᠠᠷ ᠴᠠᠲᠢᠬ ᠲᠤ ᠲᠡᠮᠲᠡᠭᠯᠡᠭᠦᠯᠦᠮᠡᠷ
 ᠨᠥᠬᠥᠴᠡᠯ ᠦᠭᠡᠢ — ᠶᠣᠲᠠᠷ ᠬᠥᠮᠦᠨ ᠶᠤᠮ  ᠁
 ᠨᠠᠶ᠋ᠢᠵᠠ ᠂ ᠨᠥᠬᠥᠳ ᠭᠡᠳᠡᠭ ᠦᠭᠡ ᠶ᠋ᠢᠨ
 ᠨᠠᠷᠢᠯᠢᠬ 《 ᠲᠠᠶ᠋ᠢᠯᠪᠤᠷᠢ 》 ᠶ᠋ᠢ  ᠣᠶ᠋ᠢᠯᠠᠭᠠᠪᠠ ‍ᠤᠤ ?
 ᠨᠥᠬᠥᠳ ᠮᠢᠨᠢ !
 ᠨᠠᠶ᠋ᠢᠵᠠ ᠨᠥᠬᠥᠳ ᠲᠡᠢ ᠶᠠᠪᠤᠬᠤ ᠶ᠋ᠢᠨ
 ᠨᠠᠭᠤᠢ ᠤᠤᠠᠬ᠎ᠠ ᠶ᠋ᠢ ᠮᠡᠲᠡᠪᠡ ‍ᠤᠤ ?
 ᠨᠠᠶ᠋ᠢᠵᠠ ᠨᠠᠷ ᠮᠢᠨᠢ !
 ᠨᠠᠶ᠋ᠢᠵᠠ ᠣᠯᠠᠨ ᠲᠠᠢ — ᠨᠥᠬᠥᠳ ᠠᠷᠪᠢᠨ ᠲᠠᠢ ᠬᠥᠮᠦᠨ 
 ᠨᠠᠯᠠᠭᠠᠷ ᠡᠨᠡ ᠣᠷᠴᠢᠯᠠᠩ  ᠳᠤ 
 ᠨᠢᠭᠡ ᠴᠦ᠍ ᠭᠠᠴᠢᠬᠲᠠᠬᠤ ᠦᠭᠡᠢ ᠂
 ᠭᠠᠭᠴᠠᠭᠠᠷᠲᠠᠬᠤ ᠦᠭᠡᠢ
 ᠪᠠᠭᠠᠲᠤᠷ ᠬᠥᠮᠦᠨ ᠶᠤᠮ ᠰᠢᠦ 
 ᠪᠠᠶᠠᠰᠤᠩᠭᠤᠢ ᠬᠥᠮᠦᠨ ᠶᠤᠮ !
 ᠨᠠᠶ᠋ᠢᠵᠠ ᠂ ᠨᠥᠬᠥᠳ ᠂ ᠣᠯᠠᠨ ᠲᠠᠢ ᠶᠠᠪᠤᠭᠠᠷᠠᠢ ᠂ ᠲᠠ ᠨᠠᠷ ᠮᠢᠨᠢ !

    ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

     ᠦᠭᠡ ᠠᠮᠢᠯᠠᠭᠤᠯᠤᠭᠴᠢ ᠄ ᠮᠢᠭᠮᠡᠷ
      ᠬᠢᠨᠠᠭᠴᠢ ᠄ ᠪᠠᠶᠠᠷᠴᠡᠴᠡᠭ
           2023 ᠣᠨ ᠪ3 ᠰᠠᠷ᠎ᠠ ᠶ᠋ᠢᠨ9 ᠪ ᠡᠲᠦᠷ