ᠬᠤᠳᠤᠮ ᠮᠣᠩᠭᠣᠯ ᠪᠢᠴᠢᠭ ᠮᠢᠨᠢ- ᠵᠢ᠊ ᠂ ᠰᠢᠨᠡᠪᠠᠶᠠᠷХодом монгол бичиг минь-жий , шанаабаяр
ᠬᠤᠳᠤᠮ ᠮᠣᠩᠭᠣᠯ ᠪᠢᠴᠢᠭ ᠮᠢᠨᠢ
ᠵᠢ᠊ ᠂ ᠰᠢᠨᠡᠪᠠᠶᠠᠷ
ᠳᠣᠯᠣᠭᠠᠨ ᠡᠭᠡᠰᠢᠭ ᠦ᠋ᠨ ᠠᠶᠠᠯᠭᠤ
ᠨᠢ ᠳᠠᠯᠠᠨ ᠤᠷᠲᠤᠷᠢᠭ ᠤ᠋ᠨ ᠥᠷᠲᠡᠭᠡ ᠲᠡᠢ
ᠳᠠᠯᠠᠢ ᠪᠠᠶᠠᠨ
ᠰᠠᠩ ᠳ᠋ᠤ᠌ ᠨᠢ
ᠭᠤᠴᠢᠨ ᠭᠤᠷᠪᠠᠨ ᠥᠷᠭᠡᠷᠢᠭ ᠲᠡᠢ
ᠪᠣᠰᠤᠭ᠎ᠠ
ᠬᠡᠢᠮᠣᠷᠢ ᠲᠠᠢ ᠪᠢᠴᠢᠭ ᠮᠢᠨᠢ ᠵᠣᠭᠰᠣᠭ᠎ᠠ ᠰᠦᠯᠳᠡ ᠶ᠋ᠢᠨ ᠰᠠᠨᠵᠢ ᠲᠠᠢ
ᠪᠣᠭᠳᠠ ᠴᠢᠩᠭᠢᠰ ᠦ᠋ᠨ ᠦᠶ᠎ᠡ ᠡᠴᠡ ᠴᠡᠭᠴᠡᠷᠡᠵᠦ
ᠢᠷᠡᠭᠰᠡᠨ ᠤᠯᠠᠮᠵᠢᠯᠠᠯ ᠲᠠᠢ
ᠨᠠᠢ᠍ᠮᠠᠨ ᠵᠠᠭᠤᠨ ᠤ᠋ ᠲᠡᠷᠲᠡᠭᠡ ᠳ᠋ᠦ᠍ ᠳᠡᠯᠡᠬᠡᠢ ᠶ᠋ᠢ ᠬᠥᠲᠥᠯᠵᠦ ᠶᠠᠪᠤᠭᠰᠠᠨ ᠢ᠋ᠶ᠋ᠠᠨ
ᠨᠸᠲ ᠰᠦᠯᠵᠢᠶ᠎ᠡ ᠶ᠋ᠢᠨ ᠡᠷᠢᠨ ᠢ᠋ᠶ᠋ᠡᠷ
ᠨᠡᠶ᠋ᠢᠭᠡᠮ ᠳᠣᠷᠣ ᠠ᠋ᠴᠠ ᠵᠠᠶ᠋ᠢᠳᠠᠬᠰᠠᠨ ᠶᠤᠮ
ᠨᠢᠭᠡᠳᠦᠭᠰᠡᠨ ᠺᠣᠳ᠋ ᠤ᠋ᠨ ᠪᠠᠢᠭᠤᠯᠭ᠎ᠠ ᠳ᠋ᠤ᠌ ᠵᠠᠷᠢᠮᠳᠤᠭ ᠬᠤᠪᠢ ᠲᠠᠢ ᠪᠦᠷᠢᠳᠬᠡᠭᠳᠡᠭᠡᠳ
ᠨᠢᠭᠡ ᠯᠡ ᠮᠡᠳᠡᠬᠦ ᠳ᠋ᠦ᠍ ᠥᠨᠥᠳᠥᠷ
ᠲᠡᠦᠬᠡ ᠶ᠋ᠢᠨ ᠲᠡᠮᠳᠡᠭ
ᠪᠣᠯᠴᠢᠬᠠᠭᠰᠠᠨ ᠶᠤᠮ ᠃
ᠠᠴᠤᠭ ᠰᠢᠯᠪᠢ ᠡᠴᠡ ᠡᠬᠢᠯᠡᠭᠡᠳ
ᠭᠤᠴᠢᠨ ᠵᠢᠷᠭᠤᠭᠠᠨ ᠵᠢᠷᠤᠯᠭ᠎ᠠ ᠲᠠᠢ
ᠠᠶᠠᠯᠭᠤ ᠳᠠᠭᠤᠳᠠᠯᠭ᠎ᠠ
ᠨᠢᠭᠡ ᠪᠦᠷᠢ ᠨᠢ ᠨᠤᠲᠤᠭ ᠤᠰᠤᠨ ᠠ᠋ᠴᠠ ᠤᠴᠢᠭ ᠲᠠᠢ
ᠨᠠᠢ᠍ᠮᠠᠨ ᠮᠣᠵᠢ
ᠣᠷᠣᠨ ᠤ᠋ ᠭᠡᠵᠦ ᠲᠣᠢᠮᠣ ᠳ᠋ᠤ᠌ ᠪᠠᠨ ᠵᠢᠭᠠᠨ
ᠶᠠᠷᠢᠭᠳᠠᠳᠠᠭ ᠊ᠴᠤ
ᠨᠠᠢᠷᠰᠠᠭ ᠮᠣᠩᠭᠣᠯ
ᠲᠦᠮᠡᠨ ᠦ᠌ ᠮᠢᠨᠢ
ᠵᠢᠷᠦᠬᠡᠨ ᠦ᠌ ᠫᠠᠰᠫᠣᠷᠲ ᠪᠣᠯᠤᠭᠰᠠᠨ ᠶᠤᠮ ᠃
ᠬᠢᠵᠢᠭ ᠲᠠᠬᠤᠯ
ᠦᠷᠪᠢᠰᠦᠭᠰᠡᠨ ᠬᠠᠲᠠᠭᠤ ᠴᠠᠭ ᠤ᠋ᠨ ᠦᠶ᠎ᠡ ᠪᠡᠷ
ᠬᠡᠯᠡᠨ ᠦ᠌ ᠰᠤᠷᠭᠠᠯᠲᠠ
ᠪᠤᠳᠤᠯᠢᠭᠰᠠᠨ ᠡᠭᠵᠢᠭ᠌ ᠲᠤᠯᠭᠠᠭᠤ ᠴᠠᠭ ᠢ᠋ᠶ᠋ᠠᠷ
ᠪᠦᠷᠠᠨ ᠲᠥᠷᠥᠯ ᠦ᠋ᠨ ᠬᠡᠴᠢᠶᠡᠯ ᠢ᠋ᠶ᠋ᠡᠨ
ᠴᠣᠬᠣᠷ ᠪᠢᠴᠢᠭ ᠢ᠋ᠶ᠋ᠡᠷ ᠭᠦᠳᠦᠯᠡᠭᠦᠯᠵᠦ
ᠪᠤᠰᠤᠳ ᠤ᠋ᠨ ᠭᠡᠮᠡᠷ ᠢᠯᠭᠠᠭᠳᠠᠵᠤ 《ᠮᠣᠩᠭᠣᠯ ᠬᠡᠯᠡ ᠪᠢᠴᠢᠭ 》 ᠪᠣᠯᠤᠭᠰᠠᠨ ᠠ᠋ ᠃
ᠬᠠᠷᠢᠨ ᠲᠡᠭᠡᠭᠰᠡᠨ ᠦ᠌ ᠶᠠᠭᠠᠬᠢᠮᠠᠢ ᠂
ᠬᠠᠮᠤᠭ ᠮᠣᠩᠭᠣᠯ ᠥᠷᠭᠡᠨ ᠬᠣᠢᠨ᠎ᠠ
ᠬᠠᠢᠷᠠᠲᠠᠢ ᠡᠬᠡ ᠬᠡᠯᠡᠨ ᠦ᠌ ᠪᠡᠨ ᠪᠣᠰᠤᠭ᠎ᠠ
ᠪᠢᠴᠢᠭ ᠢ᠋ ᠥᠪᠯᠡᠭᠦᠯᠬᠦ ᠪᠡᠷ
ᠣᠷᠬᠣᠨ ᠮᠥᠷᠡᠨ ᠦ᠌ ᠬᠥᠨᠳᠡᠢ ᠡᠴᠡ ᠴᠢᠯᠠᠭᠤᠨ
ᠪᠢᠴᠢᠭ ᠨᠢ ᠥᠨᠳᠡᠯᠵᠡᠵᠦ
ᠣᠭᠰᠢᠵᠤ ᠪᠣᠰᠤᠭᠰᠠᠨ
ᠲᠦᠮᠡᠨ ᠨᠢ ᠲᠥᠷᠥ ᠶ᠋ᠢᠨ ᠪᠢᠴᠢᠭ ᠢ᠋ᠶ᠋ᠡᠷ ᠵᠠᠷᠯᠠᠭᠰᠠᠨ
ᠶᠤᠮ ᠃
ᠭᠣᠪᠢ ᠶ᠋ᠢᠨ ᠡᠮᠦᠨ᠎ᠡ ᠡᠴᠡ ᠠᠪᠬᠠᠭᠤᠯᠤᠭᠠᠳ
ᠲᠢᠪ ᠦ᠋ᠨ ᠴᠠᠭᠠᠳᠤᠬᠢ
ᠬᠦᠷᠲᠡᠯ᠎ᠡ
ᠬᠤᠳᠤᠮ ᠮᠣᠩᠭᠣᠯ ᠪᠢᠴᠢᠭ ᠢ᠋ᠶ᠋ᠡᠨ ᠳᠡᠭᠡᠳᠦᠯᠡᠨ
ᠬᠡᠷᠡᠭᠯᠡᠬᠦ ᠪᠣᠯᠤᠭᠰᠠᠨ ᠶᠤᠮ
ᠭᠡᠷ ᠦ᠋ᠨ ᠪᠢᠴᠢᠭ ᠢ᠋ᠶ᠋ᠡᠷ ᠦᠯᠡᠳᠡᠭᠰᠡᠨ ᠊ᠴᠤ
ᠳᠡᠷᠡ ᠶ᠋ᠢᠨ ᠳᠡᠷᠭᠡᠳᠡ ᠪᠠᠶ᠋ᠢᠯᠭᠠᠵᠣ
ᠭᠡᠷᠭᠡᠢ ᠬᠡᠦᠬᠡᠳ ᠦᠭᠡᠢ ᠪᠦᠭᠦᠳᠡᠭᠡᠷ ᠢ᠋ᠶ᠋ᠡᠨ ᠴᠠᠬᠢᠮ ᠢ᠋ᠶ᠋ᠠᠷ ᠪᠢᠴᠢᠭᠯᠡᠵᠦ
ᠰᠤᠷᠤᠯᠴᠠᠭᠰᠠᠨ ᠶᠤᠮ ᠂
ᠤᠳᠤᠮᠲᠤ ᠰᠣᠶᠣᠯ ᠤ᠋ᠨ ᠭᠧᠨ ᠦ᠌ ᠡᠷᠴᠢ
ᠨᠢ ᠰᠡᠪᠲᠦᠵᠦ ᠶᠠᠪᠤᠭ᠎ᠠ ᠊ᠴᠤ
ᠤᠬᠠᠭᠠᠨᠲᠤ ᠮᠣᠩᠭᠣᠯ
ᠬᠥᠮᠦᠨ ᠦ᠌ ᠵᠣᠷᠢᠭ
ᠨᠢ ᠰᠢᠨᠲᠠᠷᠠᠵᠤ ᠦᠵᠡᠭᠡ ᠦᠭᠡᠢ
ᠣᠷᠴᠢᠨ ᠴᠠᠭ ᠤ᠋ᠨ ᠠᠶ᠎ᠠ ᠪᠠᠷ
ᠴᠠᠬᠢᠮ ᠶᠢᠷᠲᠢᠨᠴᠦ ᠣᠷᠣᠭᠰᠠᠨ ᠊ᠴᠤ
ᠤᠤᠭᠠᠯ ᠪᠢᠴᠢᠭ ᠦ᠋ᠨ ᠵᠢᠷᠤᠯᠭᠠᠨ ᠤ᠋ ᠢᠷ ᠨᠢ
ᠰᠢᠮᠠᠷᠠᠬᠤ ᠤᠴᠢᠷ ᠦᠭᠡᠢ
2023.3.14
ᠦᠰᠦᠭ ᠠᠮᠢᠯᠠᠭᠤᠯᠤᠭᠴᠢ ᠄ ᠤᠷᠢᠢᠶᠠᠩᠬᠠᠢ ᠨᠠᠷᠠᠨᠮᠠᠨᠳᠠ
2023.3.17
