ᠬᠡᠦᠬᠡᠳ ᠤᠨ ᠴᠡᠴᠡᠷᠯᠢᠭ- ᠬ ᠳ᠋ᠠᠮᠪᠢᠵᠠᠯᠰᠠᠨХүүхдийн цэцэрлэг-х · дамбийжалсан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠤᠨ ᠴᠡᠴᠡᠷᠯᠢᠭ- ᠬ ᠳ᠋ᠠᠮᠪᠢᠵᠠᠯᠰᠠᠨХүүхдийн цэцэрлэг-х · дамбийжалсан

ᠬᠡᠦᠬᠡᠳ ᠤᠨ ᠴᠡᠴᠡᠷᠯᠢᠭ- ᠬ ᠳ᠋ᠠᠮᠪᠢᠵᠠᠯᠰᠠᠨХүүхдийн цэцэрлэг-х · дамбийжалсан

2023-03-20

252

ᠬᠡᠦᠬᠡᠳ ᠤᠨ ᠴᠡᠴᠡᠷᠯᠢᠭ

   ᠬ · ᠳ᠋ᠠᠮᠪᠢᠵᠠᠯᠰᠠᠨ
ᠰᠢᠯ ᠴᠣᠩᠬᠣ ᠪᠠᠷ ᠨᠢ ᠬᠠᠷᠠᠬᠤ  ᠳᠦ
ᠰᠢᠷᠳᠡᠮᠡᠯ ᠣᠷᠣ ᠭᠢᠯᠠᠯᠵᠠᠨ᠎ᠠ ᠂
ᠰᠢᠷᠡᠭᠡᠨ ᠳᠡᠭᠡᠷᠡᠬᠢ ᠯᠣᠩᠬᠣᠨ ᠳᠦ
ᠰᠢᠨ᠎ᠡ ᠰᠦ ᠴᠡᠢᠯᠡᠯᠵᠡᠨ᠎ᠡ ᠃
ᠴᠡᠪᠡᠷ ᠰᠠᠢᠬᠠᠨ ᠲᠠᠰᠤᠭ ᠦ᠋ᠳ ᠦ᠋ᠨ
ᠴᠢᠨᠡᠭᠡᠯᠢᠭ ᠭᠡᠳᠡᠭ ᠨᠢ ᠶᠠᠷᠢᠶᠠᠨ ᠦᠭᠡᠢ ᠂
ᠴᠡᠴᠡᠷᠯᠢᠭ ᠲᠦ᠍ ᠪᠠᠢᠭ᠎ᠠ ᠬᠡᠦᠬᠡᠳ ᠦ᠋ᠨ
ᠴᠡᠩᠭᠡᠯ ᠭᠡᠳᠡᠭ ᠨᠢ ᠬᠡᠯᠡᠯᠴᠡᠭᠡᠨ ᠦᠭᠡᠢ ᠃
ᠬᠥᠮᠦᠨ ᠦ᠌ ᠰᠠᠢᠬᠠᠨ ᠵᠢᠷᠭᠠᠯ ᠊ᠢ ᠬᠡᠦᠬᠡᠳ ᠡᠴᠡ ᠪᠡᠨ ᠡᠲᠯᠡ !

ᠬᠥᠷᠥᠰᠥᠲᠦ ᠳᠡᠯᠡᠬᠡᠢ ᠶ᠋ᠢᠨ ᠴᠡᠩᠭᠡᠯ ᠊ᠢ ᠬᠥᠯ ᠳ᠋ᠦ᠍ ᠣᠷᠣᠭᠠᠳᠤᠢ ᠪᠠᠷ
ᠠᠮᠰᠠ ! ᠭᠡᠵᠦ
ᠬᠥᠭᠰᠢᠳ ᠨᠠᠰᠤᠲᠠᠨ ᠤᠭ ᠲᠠᠭᠠᠨ
ᠬᠡᠦᠬᠡᠳ ᠦᠷ᠎ᠡ ᠪᠡᠨ ᠢᠷᠥᠭᠡᠳᠡᠭ 
ᠬᠦᠰᠡᠯ ᠪᠠᠢᠬᠰᠠᠨ ᠢᠷᠦᠭᠡᠳᠦ ᠨᠢ
ᠦᠨᠡᠨ ᠪᠣᠯᠤᠨ ᠪᠠᠶᠠᠯᠠᠭᠳᠠᠪᠠ 
ᠬᠣᠶᠠᠷ ᠬᠣᠶᠠᠷ ᠢ᠋ᠶ᠋ᠠᠷ ᠬᠥᠲᠥᠯᠦᠯᠴᠡᠭᠰᠡᠨ ᠪᠣᠨᠲᠣᠭᠣᠷ ᠵᠢᠭᠠᠯ ᠦ᠋ᠳ ᠪᠠᠬᠠᠷᠠᠯᠲᠠᠢ
ᠬᠣᠷᠢᠶ᠎ᠠ ᠳᠦᠭᠦᠷᠡᠩ ᠮᠢᠷᠠᠯᠵᠠᠭᠰᠠᠨ ᠪᠠᠳᠮ᠎ᠠ ᠴᠡᠴᠡᠭ ᠦᠵᠡᠮᠵᠢᠲᠡᠢ ᠃
 ᠨᠠᠭᠠᠳᠤᠶ᠎ᠠ ᠨᠠᠭᠠᠳᠤᠶ᠎ᠠ ᠪᠦᠬᠦᠨ ᠢ᠋ᠶ᠋ᠡᠷ ᠢ᠋ᠶ᠋ᠡᠨ ᠨᠠᠮᠢᠰ ᠨᠠᠮᠢᠰ ᠪᠥᠵᠢᠭᠯᠡᠶ᠎ᠡ !
ᠬᠠᠮᠲᠤᠷᠠᠶ᠎ᠠ ᠬᠠᠮᠲᠤᠷᠠᠶ᠎ᠠ ᠣᠯᠠᠨ ᠢ᠋ᠶ᠋ᠠᠷ ᠢ᠋ᠶ᠋ᠠᠨ ᠬᠠᠩᠭᠢᠨᠠᠰ ᠬᠠᠩᠭᠢᠨᠠᠰ ᠳᠠᠭᠤᠯᠠᠶ᠎ᠠ !
ᠨᠢᠰᠬᠦ ᠮᠡᠲᠦ ᠳᠠᠪᠰᠢᠵᠤ ᠪᠠᠢᠬᠤ ᠨᠢᠭᠡᠳᠦᠯ ᠢ᠋ᠶ᠋ᠡᠨ ᠪᠢᠳᠡ ᠬᠠᠢᠷᠠᠯᠠᠨ᠎ᠠ !
ᠨᠡᠢᠲᠡ ᠣᠯᠠᠨ ᠊ᠢ ᠠᠰᠠᠷᠠᠬᠤ
ᠴᠡᠴᠡᠷᠯᠢᠭ ᠢ᠋ᠶ᠋ᠡᠨ ᠪᠢᠳᠡ ᠬᠠᠢᠷᠠᠯᠠᠨ᠎ᠠ !
ᠠᠰᠠᠷᠠᠵᠤ ᠲᠠᠭᠠᠯᠠᠵᠤ ᠪᠠᠢᠲᠠᠭ ᠠᠪᠠᠭ᠎ᠠ ᠡᠵᠢ ᠪᠡᠨ ᠬᠦᠨᠳᠦᠯᠡᠨ᠎ᠡ ! ᠭᠡᠵᠦ ᠳᠡᠷᠪᠡᠰ ᠳᠡᠷᠪᠡᠰ ᠦᠰᠦᠷᠬᠢᠯᠡᠨ
ᠳᠠᠭᠲᠠᠨ ᠬᠠᠷᠠᠢᠨ ᠪᠥᠵᠢᠭᠯᠡᠵᠦ 
ᠲᠠᠩᠭᠢᠰ ᠲᠠᠩᠭᠢᠰ ᠨᠠᠢᠭᠤᠯᠵᠠᠨ
ᠳᠡᠭᠡᠷ᠎ᠡ ᠬᠣᠭᠣᠯᠠᠢ ᠪᠠᠷ
ᠳᠠᠭᠤᠯᠠᠬᠤ ᠨᠢ
ᠬᠤᠨ ᠭᠠᠯᠠᠭᠤ ᠶ᠋ᠢᠨ ᠵᠤᠯᠵᠠᠭ᠎ᠠ ᠳᠡᠪᠳᠡᠷᠢᠵᠦ ᠪᠠᠢᠭ᠎ᠠ ᠠᠳᠠᠯᠢ
ᠬᠤᠭᠤᠷ ᠯᠢᠩᠪᠦ ᠶ᠋ᠢᠨ ᠡᠬᠡᠰᠢᠭ
ᠵᠢᠩᠭᠢᠨᠡᠵᠦ ᠪᠠᠢᠭ᠎ᠠ ᠠᠳᠠᠯᠢ 
ᠬᠤᠷ᠎ᠠ ᠶ᠋ᠢᠨ ᠳᠠᠷᠠᠭᠠᠬᠢ ᠴᠡᠴᠡᠭ ᠰᠢᠭ
ᠳᠡᠯᠭᠡᠷᠡᠵᠦ ᠪᠠᠢᠭ᠎ᠠ ᠲᠡᠳᠡᠨ ᠦ᠌
ᠬᠤᠪᠢ ᠲᠠᠢ ᠲᠥᠷᠥᠭᠰᠡᠨ ᠵᠠᠶᠠᠭ᠎ᠠ ᠶ᠋ᠢ ᠨᠢ ᠪᠠᠬᠠᠷᠠᠵᠤ ᠪᠢᠴᠢᠭᠡᠳ ᠪᠠᠷᠠᠰᠢ ᠦᠭᠡᠢ !

 ᠴᠣᠮᠣᠷᠯᠢᠭ  ᠰᠡᠳᠬᠦᠯ ᠦ᠋ᠨ1959 ᠣᠨ ᠤ᠋19 ᠳ᠋ᠦ᠍ᠭᠡᠷ ᠬᠤᠭᠤᠴᠠᠭ᠎ᠠ ᠠ᠋ᠴᠠ
ᠦᠰᠦᠭ ᠠᠮᠢᠯᠠᠭᠤᠯᠤᠭᠴᠢ ᠄ ᠭᠠᠷᠮ ‍ᠠ᠋