ᠮᠥᠭᠥ ᠲᠡᠭᠦᠬᠦ ᠪᠡᠷ ᠶᠠᠪᠤᠶ᠎ᠠ - ᠭᠦᠷᠵᠠᠪ Мөөг түүхээр явъя - Гүржав
ᠮᠥᠭᠥ ᠲᠡᠭᠦᠬᠦ ᠪᠡᠷ ᠶᠠᠪᠤᠶ᠎ᠠ
ᠭᠦᠷᠵᠠᠪ
ᠤᠯᠠᠭᠠᠨ ᠵᠡᠭᠡᠷᠲᠡ ᠮᠣᠲ᠋ᠣᠷ ᠶ᠋ᠢᠠᠨ ᠤᠨᠤᠭᠠᠳ
ᠤᠭᠤᠲᠠ ᠰᠠᠪᠠ ᠪᠠᠨ ᠪᠦᠷᠢᠨ ᠭᠠᠨᠵᠤᠭᠠᠯᠠᠭᠠᠳ
ᠤᠯᠢᠶᠠᠰᠤᠲᠠᠢ ᠶ᠋ᠢᠨ ᠬᠥᠨᠲᠡᠢ ᠶ᠋ᠢᠨ ᠬᠥᠪᠲᠥᠨ ᠡᠴᠡ
ᠮᠥᠭᠥ ᠲᠡᠭᠦᠬᠦ ᠪᠡᠷ ᠣᠴᠢᠶ᠎ᠠ
ᠪᠣᠷᠣᠭᠠᠨ ᠲᠠᠢ ᠴᠠᠭ ᠦ᠋ᠨ ᠪᠡᠯᠡᠭ
ᠪᠤᠶᠠᠨ ᠲᠠᠢ ᠨᠤᠲᠤᠭ ᠦ᠋ᠨ ᠬᠡᠰᠢᠭ
ᠪᠤᠯᠪᠠᠷᠠᠢ ᠴᠠᠭᠠᠨ ᠮᠥᠭᠥ ᠶ᠋ᠢ
ᠪᠣᠭᠴᠣ ᠪᠣᠭᠴᠣ ᠪᠠᠷ ᠲᠡᠭᠦᠶ᠎ᠡ
ᠬᠦᠷᠡᠩ ᠬᠥᠷᠥᠰᠥᠨ ᠪ ᠰᠢᠮ᠎ᠡ
ᠬᠥᠲᠡᠭᠡ ᠰᠢᠯᠢ ᠶ᠋ᠢᠨ ᠴᠢᠮᠡᠭ
ᠬᠥᠭᠡᠷᠦᠬᠦᠨ ᠴᠠᠭᠠᠨ ᠮᠥᠭᠥ ᠶ᠋ᠢ
ᠬᠡᠦᠲᠡᠢ ᠬᠡᠦᠲᠡᠢ ᠪᠡᠷ ᠲᠡᠭᠦᠶ᠎ᠡ
ᠳᠡᠭᠵᠢᠨ ᠬᠡᠦᠬᠡᠳ ᠦ᠋ᠨ ᠤᠷᠤᠭᠤᠯ
ᠳᠡᠪᠳᠡᠷᠢᠵᠦ ᠨᠢᠰᠬᠦ ᠬᠦᠰᠡᠯ
ᠳᠡᠯᠡᠬᠡᠢ ᠴᠠᠭᠠᠨ ᠮᠥᠭᠥ ᠶ᠋ᠢ
ᠳᠡᠪᠢᠭᠦᠷ ᠳᠡᠪᠢᠭᠦᠷ ᠶ᠋ᠢᠡᠷ ᠲᠡᠭᠦᠶ᠎ᠡ
ᠲᠡᠷᠢᠭᠦᠨ ᠵᠡᠷᠭᠡ ᠶ᠋ᠢᠨ ᠭᠠᠷᠤᠯᠲᠠ
ᠲᠡᠵᠢᠭᠡᠯ ᠰᠠᠶ᠋ᠢᠲᠤ ᠢᠲᠡᠭᠡᠨ
ᠲᠡᠷᠭᠡᠯ ᠴᠠᠭᠠᠨ ᠮᠥᠭᠥ ᠶ᠋ᠢ
ᠲᠡᠪᠡᠷᠢ ᠲᠡᠪᠡᠷᠢ ᠪᠡᠷ ᠲᠡᠭᠦᠶ᠎ᠡ
ᠤᠯᠠᠭᠠᠨ ᠵᠡᠭᠡᠷᠲᠡ ᠮᠣᠲ᠋ᠣᠷ ᠶ᠋ᠢᠠᠨ ᠤᠨᠤᠭᠠᠳ
ᠤᠭᠤᠲᠠ ᠰᠠᠪᠠ ᠪᠠᠨ ᠪᠦᠷᠢᠨ ᠭᠠᠨᠵᠤᠭᠠᠯᠠᠭᠠᠳ
ᠤᠯᠢᠶᠠᠰᠤᠲᠠᠢ ᠶ᠋ᠢᠨ ᠬᠥᠨᠲᠡᠢ ᠶ᠋ᠢᠨ ᠬᠥᠪᠲᠥᠨ ᠡᠴᠡ
ᠮᠥᠭᠥ ᠲᠡᠭᠦᠬᠦ ᠪᠡᠷ ᠣᠴᠢᠶ᠎ᠠ
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠣᠷᠭᠢᠯ
ᠦᠰᠦᠭ ᠬᠢᠨᠠᠭᠴᠢ ᠄ ᠪᠠᠶᠠᠷᠴᠡᠴᠡᠭ
20230310
