ᠵᠣᠷᠢᠭ ᠱᠠᠩᠨᠠᠬᠤ ᠪᠠᠳᠠᠭ - ᠭ ᠂ ᠴᠢᠩᠪᠠᠭᠠᠲᠤᠷ Зориг шагнах бадаг – Г . Чинбаатар
ᠵᠣᠷᠢᠭ ᠱᠠᠩᠨᠠᠬᠤ ᠪᠠᠳᠠᠭ
ᠬᠠᠴᠠᠷ ᠵᠦᠰᠦᠭᠰᠡᠨ ᠨᠢᠯᠪᠤᠰᠤ ᠪᠠᠨ ᠠᠷᠴᠢ ᠂ ᠪᠣᠳᠣᠯ ᠢ᠋ᠶ᠋ᠠᠨ ᠴᠢᠩᠭᠠᠯᠠ
ᠬᠠᠶᠠ ᠪᠦᠳᠦᠷᠢᠵᠦ ᠬᠠᠶᠠ ᠰᠡᠬᠡᠳᠡᠭ ᠦ᠋ᠨ ᠤᠴᠢᠷ ᠢ᠋ ᠤᠬᠠᠭᠠᠷᠠ
ᠬᠡᠨ ᠳ᠋ᠦ᠍ ᠴᠦ᠍ ᠠᠯᠠᠭ ᠲᠠᠢ ᠠᠮᠢᠳᠤᠷᠠᠯ
ᠴᠢᠮ᠎ᠠ ᠳ᠋ᠤ᠌ ᠴᠤ᠌ ᠢᠯᠭᠠᠭ᠎ᠠ ᠦᠭᠡᠢ ᠶᠢ ᠰᠠᠨᠠ
ᠬᠡ ᠲᠡᠢ ᠬᠦ᠌ ᠲᠡᠢ ᠤᠴᠠᠷᠠᠯ ᠢ᠋ ᠬᠠᠮᠢᠭ᠎ᠠ ᠴᠤ᠌ ᠪᠠᠢᠳᠠᠭ ᠢ᠋ ᠵᠥᠪᠰᠢᠶᠡᠷᠡ
ᠭᠤᠨᠢᠭᠰᠠᠨ ᠰᠡᠳᠬᠢᠯ ᠳ᠋ᠡᠭᠡᠨ
ᠲᠠᠲᠠᠭᠳᠠᠵᠤ ᠠᠷᠢᠬᠢᠨ ᠳ᠋ᠤ᠌ ᠪᠢᠲᠡᠭᠡᠢ ᠳᠡᠪᠲᠦ
ᠭᠤᠳᠤᠷᠠᠭᠰᠠᠨ ᠪᠣᠳᠣᠯ ᠳ᠋ᠠᠭᠠᠨ
ᠳᠠᠷᠤᠭᠳᠠᠵᠤ ᠰᠡᠭᠦᠳᠡᠷ ᠲᠡᠭᠡᠨ ᠪᠢᠲᠡᠭᠡᠢ
ᠴᠢᠷᠦᠭᠳᠡ
ᠡᠭᠦᠯᠡ ᠠᠷᠢᠯᠵᠤ ᠂ ᠨᠠᠷᠠ ᠭᠡᠢᠵᠤ᠂ ᠰᠣᠯᠣᠩᠭ᠎ᠠ ᠮᠢᠷᠠᠯᠵᠠᠳᠠᠭ ᠢ᠋ ᠰᠠᠨᠠ
ᠡᠭᠦᠷᠢᠳᠡ ᠶ᠋ᠢᠨ ᠭᠡᠭᠡᠨ
ᠢᠷᠡᠭᠡᠳᠦᠢ ᠬᠣᠯᠠ ᠪᠠᠢᠳᠠᠭ ᠢ᠋ ᠪᠣᠳᠣ !
ᠠᠮᠢᠳᠤᠷᠠᠯ ᠶᠠᠭ ᠯᠠ ᠠᠶᠠᠨ ᠤ᠋ ᠬᠣᠯᠠ ᠵᠠᠮ ᠰᠢᠭ᠋ ᠶᠤᠮ
ᠠᠮᠢᠳᠤᠷᠠᠯ ᠶᠠᠭ ᠯᠠ ᠨᠡᠭᠦᠳᠡᠯ ᠤᠨ ᠤᠷᠲᠤ ᠠᠶᠠᠨ
ᠰᠢᠭ᠋ ᠶᠤᠮ
ᠠᠳᠠᠷᠠᠮ᠎ᠠ ᠶᠡᠬᠡᠲᠡᠢ ᠲᠡᠷᠡ ᠯᠠ ᠵᠠᠮ ᠢ᠋ᠶ᠋ᠠᠷ ᠤᠬᠢᠯᠠᠨ
ᠳᠠᠭᠤᠯᠠᠨ
ᠠᠯᠢᠪᠠ ᠬᠥᠮᠦᠨ ᠴᠢᠮ᠎ᠠ ᠲᠠᠢ ᠠᠳᠠᠯᠢᠬᠠᠨ ᠶᠠᠪᠤᠳᠠᠭ ᠢ᠋ ᠢᠳᠡᠭᠡ !
ᠪᠦᠲᠦᠭᠡ ᠦᠭᠡᠢ ᠳᠤᠷᠠᠯᠠᠯ ᠤ᠋ᠨ ᠬᠣᠢᠨ᠎ᠠ ᠡᠴᠡ ᠠᠯᠢᠪᠠ ᠪᠠᠨ ᠪᠢᠲᠡᠭᠡᠢ ᠵᠣᠯᠢᠶᠠᠰᠤᠯᠠ
ᠪᠦᠲᠦᠭᠰᠡᠨ ᠪᠦᠬᠦᠨ ᠦ᠌ ᠪᠡᠨ ᠲᠥᠯᠥᠭᠡ ᠴᠤ ᠬᠡᠲᠦᠷᠬᠡᠢ
ᠪᠢᠲᠡᠭᠡᠢ ᠪᠠᠶᠠᠷᠯᠠ
ᠬᠡᠢᠰᠴᠦ ᠣᠳᠤᠭᠰᠠᠨ ᠴᠠᠭ ᠤ᠋ᠨ ᠬᠣᠢᠨᠠᠠᠴᠠ
ᠬᠡᠲᠦᠷᠬᠡᠢ ᠪᠢᠲᠡᠭᠡᠢ ᠰᠢᠨᠠᠯ
ᠬᠡᠰᠡᠭᠬᠡᠨ ᠰᠢᠬᠢᠷ ᠰᠢᠭ ᠵᠢᠷᠭᠠᠯ ᠳ᠋ᠤ᠌ ᠳᠡᠩᠳᠡᠭᠦᠦ ᠪᠢᠲᠡᠭᠡᠢ ᠬᠠᠨᠤᠮᠵᠢᠯᠠ
ᠭᠠᠩᠭᠠᠷ ᠱᠠᠭᠠᠵᠠᠩ ᠰᠢᠭ᠋ ᠵᠠᠯᠠᠭᠤ ᠨᠠᠰᠤ ᠭᠠᠭᠴᠠᠬᠠᠨ ᠣᠯᠳᠠᠳᠠᠭ ᠢ᠋ ᠰᠠᠨᠠ
ᠭᠠᠰᠢᠭᠤᠨ ᠪᠦᠬᠦᠨ ᠦ᠌ ᠴᠠᠭᠠᠨ᠎ᠠ ᠪᠠᠶᠠᠷ
ᠨᠢᠭᠤᠭᠳᠠᠳᠠᠭ ᠢ᠋ ᠢᠳᠡᠭᠡ
ᠰᠠᠨᠠᠵᠤ ᠶᠠᠪᠤᠪᠠᠯ ᠪᠦᠲᠦᠳᠡᠭ ᠭᠡᠵᠦ ᠰᠡᠳᠬᠢᠯ ᠤᠨ ᠲᠠᠮᠢᠷ ᠢ᠋ᠶ᠋ᠠᠨ ᠴᠢᠩᠭᠠᠯᠠ
ᠰᠠᠵᠢᠯᠠᠵᠤ ᠶᠠᠪᠤᠪᠠᠯ ᠬᠦᠷᠳᠡᠭ ᠭᠡᠵᠦ ᠮᠥᠷᠥᠭᠡᠳᠦᠯ ᠤᠨ ᠵᠣᠷᠢᠭ ᠢ᠋ᠶ᠋ᠠᠨ ᠡᠷᠴᠢᠯᠡ
ᠠᠮᠢᠳᠤᠷᠠᠯ ᠶᠠᠭ ᠯᠠ ᠠᠰᠬ᠎ᠠ ᠥᠨᠳᠥᠷ
ᠠᠭᠤᠯᠠ ᠰᠢᠭ᠋ ᠶᠤᠮ
ᠠᠮᠢᠳᠤᠷᠠᠯ ᠶᠠᠭ ᠯᠠ ᠳᠠᠪᠠᠭ᠎ᠠ ᠣᠯᠠᠨ ᠲᠠᠢ ᠵᠠᠮ ᠰᠢᠭ᠋ ᠶᠤᠮ
ᠳᠠᠪᠠᠭ᠎ᠠ ᠣᠯᠠᠨ ᠲᠠᠢ ᠲᠡᠷᠡ ᠯᠠ ᠵᠠᠮ ᠢ᠋ᠶ᠋ᠠᠷ ᠤᠨᠠᠨ ᠪᠣᠰᠤᠨ
ᠲᠠ ᠪᠢᠳᠡ ᠡᠭᠡᠭᠡ ᠯᠡ ᠠᠳᠠᠯᠢᠬᠠᠨ ᠮᠠᠴᠤᠵᠤ ᠶᠠᠪᠤᠭ᠎ᠠ ᠶ᠋ᠢ ᠢᠳᠡᠭᠡ !
2010 .5
.19
ᠦᠰᠦᠭ ᠠᠮᠢᠯᠠᠭᠤᠯᠤᠭᠴᠢ ᠄ ᠪᠤᠤ ᠴᠢᠩ ᠬᠤ᠌
ᠬᠢᠨᠠᠭᠴᠢ᠄ ᠪᠠᠯᠵᠢ
