ᠪᠣᠳᠣᠯ – ᠷ ᠂ ᠴᠣᠢᠨᠣᠮ Бодол - Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ – ᠷ ᠂ ᠴᠣᠢᠨᠣᠮ Бодол - Р ᠂ Чойном

ᠪᠣᠳᠣᠯ – ᠷ ᠂ ᠴᠣᠢᠨᠣᠮ Бодол - Р ᠂ Чойном

2023-03-20

329

ᠪᠣᠳᠣᠯ


ᠥᠴᠤᠬᠡᠲᠤᠷᠬᠡᠨ ᠴᠢ ᠪᠢᠲᠡ ᠬᠣᠶᠠᠷ ᠪᠡᠶ᠎ᠡ ᠪᠡᠶ᠎ᠡ ᠪᠡᠨ ᠲᠠᠨᠢᠲᠠᠭ ᠦᠭᠡᠢ ᠪᠠᠶ᠋ᠢᠯ᠎ᠠ
ᠥᠨᠢᠷ ᠣᠯᠠᠨ ᠪ ᠬᠡᠯᠡ ᠠᠮᠠᠨ  ᠳᠤ ᠦᠨᠡᠮᠰᠢᠵᠦ ᠨᠠᠮᠠᠶ᠋ᠢ ᠴᠢ ᠂  ᠴᠢᠮᠠᠶ᠋ᠢ ᠪᠢ
ᠥᠴᠢᠯᠠᠵᠤ ᠡᠰᠡᠪᠡᠯ ᠦᠯᠦ ᠳᠣᠭᠣᠨ ᠂  ᠭᠡᠲᠡᠯ᠎ᠡ ᠪᠠᠰᠠ ᠰᠣᠨᠢᠬᠠᠨ
ᠥᠪᠡᠷ ᠵᠠᠭᠤᠷ᠎ᠠ ᠪᠠᠨ ᠠᠯᠢᠪᠣᠮ ᠦ᠋ᠨ ᠵᠢᠷᠤᠭ ᠰᠢᠭ᠋ ᠬᠠᠶᠠ ᠨᠢᠭᠡᠨ ᠊ᠢ ᠪᠡᠨ ᠬᠠᠷᠠᠲᠠᠭ ᠪᠠᠶ᠋ᠢᠯ᠎ᠠ
ᠨᠠᠮᠠᠶ᠋ᠢ ᠴᠢᠮ᠎ᠠ ᠎ᠲᠠᠢ ᠳᠠᠰᠬᠠᠬᠤ ᠬᠤᠪᠢ ᠵᠠᠶᠠᠭᠠᠨ ᠪ ᠴᠠᠭ ᠨᠥᠬᠥᠴᠡᠯ ᠪᠦᠷᠢᠤᠠᠴᠦ
ᠴᠢᠮᠠᠶ᠋ᠢ ᠨᠠᠳᠠ ᠎ᠲᠠᠢ ᠳᠠᠰᠬᠠᠬᠤ ᠬᠣᠷᠣᠮ ᠮᠥᠴᠡ ᠶ᠋ᠢᠨ ᠪᠣᠯᠤᠯᠴᠠᠭ᠎ᠠ ᠪᠦᠬᠦᠨ ᠲᠣᠬᠢᠷᠠᠵᠤ
ᠠᠷᠠᠳ ᠨᠠᠶ᠋ᠢᠷᠠᠭᠴᠢ ᠬᠣᠶᠠᠷ ᠎ ᠦ᠋ᠨ ᠬᠣᠶᠠᠷ ᠵᠢᠷᠦᠬᠡ ᠪᠡᠶ᠎ᠡ ᠪᠡᠶ᠎ᠡ ᠎ᠪᠡᠨ ᠡᠷᠢᠯ᠎᠎ ᠎ ᠳᠤ ᠳᠠᠭᠤᠳᠠᠭᠰᠠᠨ
ᠠᠭᠤᠤ ᠶᠡᠬᠡ ᠡᠳᠦᠷ᠎ ᠦ᠋ᠨ ᠥᠴᠦᠬᠡᠨ ᠭ᠌ᠱᠠᠨ ᠵᠠᠭᠤᠷ᠎ᠠ ᠊ᠢ ᠪᠢ ᠬᠡᠵᠢᠶ᠎ᠡ  ᠴᠤ᠌ ᠮᠠᠷᠲᠠᠬᠤ ᠦᠭᠡᠢ
ᠡᠬᠢᠯᠡᠵᠦ ᠭᠣᠬ᠎ᠠ ᠮᠤᠯᠲᠤᠯᠬᠤ ᠠᠵᠠᠲᠠᠢ ᠰᠤᠭᠤᠯᠤᠭ᠎ᠠ ᠴᠢᠨᠦ ᠵᠢᠷᠦᠬᠡᠨ ᠎ ᠳᠤ ᠲᠠᠭᠠᠷᠠᠵᠤ
ᠷᠢᠨᠴᠢᠨ ᠤ ᠬᠦᠦ ᠶ᠋ᠢᠨ ᠵᠢᠷᠦᠬᠡ ᠪᠠᠲᠤᠨᠤᠷᠪᠤ᠎ ᠶ᠋ᠢᠨ ᠨᠢᠭᠡᠨ ᠪᠠᠢᠰᠢᠩ ᠎ ᠳᠤ
ᠤᠷᠲᠤ ᠣᠷᠣᠨ ᠳᠡᠭᠡᠷ᠎ᠡ ᠨᠢ ᠤᠨᠠᠭᠰᠠᠨ ᠡ ᠂ 
ᠫᠤᠤ᠎ ᠶ᠋ᠢᠨ ᠶ᠋ᠢᠡᠨ ᠠᠮᠠ᠎ ᠶ᠋ᠢ ᠡᠰᠡᠷᠭᠦ ᠡᠷᠭᠦᠬᠦ ᠠᠷᠭ᠎ᠠ ᠦᠭᠡᠢ ᠤᠬᠢᠯᠠᠵᠤ
ᠤᠨᠠᠭᠰᠠᠨ ᠵᠢᠷᠦᠬᠡ ᠮᠢᠨᠢ ᠬᠥᠭᠡᠷᠦᠬᠦᠢ
ᠪᠣᠭ ᠴᠦ᠍ ᠪᠣᠯᠤᠭᠰᠠᠨ ᠂ ᠪᠤᠷᠬᠠᠨ ᠴᠦ᠍ ᠪᠣᠯᠤᠭᠰᠠᠨ ᠴᠢᠮᠠᠶ᠋ᠢ᠎ ᠪᠡᠨ ᠭᠡᠵᠦ ᠪᠥᠮᠪᠥᠷᠢᠯ᠎ᠡ ᠃
ᠨᠠᠢᠷᠠᠭᠴᠢ ᠶ᠋ᠢᠨ ᠵᠢᠷᠦᠬᠡ ᠶ᠋ᠢ ᠬᠥᠰᠡᠷ ᠰᠥᠭᠥᠳᠦᠭᠦᠯᠦᠭᠰᠡᠨ ᠴᠢᠨᠦ ᠵᠢᠷᠦᠬᠡ
ᠨᠠᠳᠠ ᠬᠣᠣᠰ ᠦᠭᠡᠢ ᠴᠢ ᠥᠪᠡᠷ ᠶ᠋ᠢᠠᠨ ᠠᠭᠤᠤ ᠭᠠᠶ᠋ᠢᠬᠠᠮᠰᠢᠬᠲᠤ ᠬᠥᠮᠦᠨ ᠶᠤᠮ
ᠠᠯᠠᠭ ᠨᠢᠲᠦᠨ  ᠪ ᠴᠢᠨᠢ ᠰᠣᠷᠮᠤᠤᠰᠤᠨ ᠳᠤ ᠬᠥᠲᠥᠯᠥᠭᠳᠡᠨ ᠬᠠᠮᠢᠭᠠᠰᠢ ᠪᠠᠨ ᠯᠠ ᠪᠣᠯ ᠲᠠᠶ᠋ᠢᠰᠢ ᠪᠠᠨ 
ᠠᠷᠬ᠋᠎ᠠ ᠦᠭᠡᠢ ᠪᠢ ᠴᠢᠨᠦ ᠡᠮᠦᠨ᠎ᠡ ᠥᠴᠦᠬᠡᠨ ᠠᠷᠴᠠᠬ᠋᠎ᠠ ᠦᠭᠡᠢ ᠠᠮᠢᠲᠠᠨ ᠶᠤᠮ
ᠲᠡᠭᠡᠲᠡᠯ᠎ᠡ ᠵᠠᠭᠤᠨ ᠵᠢᠯ ᠦ᠋ᠨ ᠬᠣᠶ᠋ᠢᠨ᠎ᠠ ᠬᠥᠮᠦᠨ ᠲᠥᠷᠥᠯᠬᠢᠲᠡ
ᠲᠡᠮᠲᠡᠭᠯᠡᠵᠦ ᠴᠢᠨᠦ ᠲᠤᠬᠠᠢ ᠳᠠᠭᠤᠷᠢᠰᠬᠤ ᠪᠣᠯᠪᠠ ‍ᠤᠤ ᠂ ᠬᠠᠶ᠋ᠢᠷᠠᠲᠤ ᠮᠢᠨᠢ ᠂
ᠳᠠᠪᠴᠶᠠᠷᠢ ᠠᠯᠲᠠᠵᠤ ᠴᠢᠮᠠᠶ᠋ᠢ ᠪᠠᠨ ᠬᠡᠵᠤ ᠭᠦᠶᠦᠭᠡᠳ ᠴᠢᠮ᠎ᠠ ᠳ᠋ᠠᠭᠠᠨ ᠵᠢᠮᠡᠯᠡᠭᠦᠯᠵᠦ ᠪᠠᠶ᠋ᠢᠬᠰᠠᠨ
ᠲᠡᠨᠡᠭᠬᠡᠨ ᠠᠮᠠᠷᠠᠭ ᠮᠢᠨᠦ ᠲᠤᠬᠠᠢ ᠳᠤᠷᠠᠰᠴᠤ ᠬᠥᠰᠢᠶ᠎ᠡ ᠪᠠᠷᠢᠮᠠᠯ ᠪᠦᠲᠦᠭᠡᠨ᠎ᠡ ᠡ ᠃ 
ᠼᠸᠮᠸᠨ᠍ᠲ ᠴᠢᠯᠠᠭᠤ ᠎ᠪᠠᠷ ᠶᠡᠬᠡᠮᠰᠦᠭᠯᠡᠨ ᠪᠣᠰᠤᠭᠰᠠᠨ ᠠᠪᠤᠷᠭᠤ ᠪᠡᠶ᠎ᠡ ᠮᠢᠨᠢ 
ᠴᠡᠷᠡᠨᠲᠣᠯᠮ᠎ᠠ ᠶ᠋ᠢ ᠪᠡᠨ  ᠦᠭᠡᠶ᠋ᠢᠯᠡᠵᠦ ᠂ 
ᠢᠷᠡᠬᠦ ᠵᠠᠭᠤᠨ ᠪ ᠶᠢᠷᠲᠢᠨᠴᠦ  ᠳᠤ ᠭᠠᠭᠴᠠᠭᠠᠷᠲᠠᠨ ᠵᠣᠭᠰᠣᠭᠠᠳ
ᠠᠮᠠᠷᠠᠭ ᠊ᠢ ᠮᠢᠨᠢ ᠲᠤᠷᠠᠰᠤᠭᠠᠴᠢ ᠂ 
ᠢᠷᠠᠭᠤ ᠰᠢᠯᠦᠭ ᠦ᠋ᠳ ᠮᠢᠨᠢ ᠂ ᠲᠡᠭᠦᠨ ᠪ ᠬᠦᠴᠦ ᠰᠢᠦ ᠳ᠋ᠡ ᠬᠡᠵᠤ
ᠠᠴᠢ ᠭᠤᠴᠢ ᠳ᠋ᠠᠭᠠᠨ ᠬᠡᠯᠡᠶ᠎ᠡ ᠭᠡᠪᠡᠴᠦ ᠠᠮᠠ ᠬᠥᠲᠡᠯᠬᠦ ᠴᠢᠲᠠᠯ ᠦᠭᠡᠢ
ᠴᠢᠯᠠᠭᠤᠨ ᠨᠢᠲᠦᠨ ᠳ᠋ᠡᠭᠡᠨ ᠴᠢᠯᠠᠭᠤᠨ ᠨᠢᠯᠪᠤᠰᠤ ᠲᠠᠢ ᠵᠣᠭᠰᠣᠨ᠎ᠠ
ᠭᠡᠪᠡᠴᠦ ᠬᠣᠵᠢᠮ ᠦ᠋ᠨ ᠬᠥᠮᠦᠰ ᠨᠠᠲᠠ  ᠬᠥᠰᠢᠶ᠎ᠡ ᠪᠣᠰᠬᠠᠬᠤ ᠠ᠋ᠴᠠ ᠪᠢ ᠤᠷᠢᠲᠠᠵᠤ
ᠭᠡᠷᠡᠯᠲᠦ ᠬᠣᠷᠸ᠋᠎ᠠ  ᠳᠤ ᠬᠣᠩᠭᠣᠷ ᠴᠢᠮᠠᠶ᠋ᠢ ᠪᠠᠨ ᠰᠢᠯᠦᠭ ᠶ᠋ᠢᠡᠷ ᠶ᠋ᠢᠡᠨ ᠲᠤᠩᠬᠠᠭᠯᠠᠯ᠎ᠠ
ᠬᠡᠮᠯᠡᠵᠦ ᠵᠢᠮᠡᠯᠡᠭᠰᠡᠨ ᠴᠦ᠍ ᠲᠡᠪᠡᠷᠢᠭᠦᠯᠵᠦ ᠮᠠᠭᠲᠠᠭᠰᠠᠨ ᠴᠦ᠍ 
ᠬᠡᠪ ᠶ᠋ᠢᠡᠷ ᠶ᠋ᠢᠡᠨ ᠪᠠᠶ᠋ᠢᠬᠤ ᠮᠢᠨᠦ ᠰᠢᠯᠦᠭ ᠦ᠋ᠳ
ᠭᠡᠷᠡᠯ  ᠵᠢᠷᠤᠭ ᠦ᠋ᠳ ᠲᠠᠶ᠋ᠢᠯᠪᠤᠷᠢ ᠵᠡᠭᠦᠯᠲᠡᠲᠡᠢ ᠪᠡᠨ ᠨᠣᠮ ᠪᠣᠯᠤᠨ ᠦᠯᠡᠲᠡᠨ᠎ᠡ ᠪᠤᠢ
ᠮᠡᠲᠡᠭᠡᠵᠢ ᠲᠡᠷᠡ ᠨᠣᠮ  ᠳᠤ ᠂ ᠥᠨᠥ ᠵᠤᠨ ᠨᠠᠲᠠ  ᠳᠤᠷᠠᠰᠬᠠᠭᠰᠠᠨ ᠴᠢᠨᠦ  ᠵᠢᠷᠤᠭ ᠬᠡᠪᠯᠡᠭᠳᠡᠨ᠎ᠡ
《 ᠮᠡᠨᠲᠦᠪᠠᠶᠠᠷ ᠣᠪᠣᠭᠲᠠᠢ ᠴᠡᠷᠡᠨᠲᠣᠯᠮ᠎ᠠ ᠂ ᠨᠠᠶ᠋ᠢᠷᠠᠭᠴᠢ ᠶ᠋ᠢᠨ ᠠᠮᠠᠷᠠᠭ 》 ᠬᠡᠵᠤ
ᠵᠢᠷᠤᠭ ᠦ᠋ᠨ ᠴᠢᠨᠢ ᠠᠷᠤ  ᠳᠤ ᠨᠠᠢ᠍ᠮᠠᠲᠤ ᠶ᠋ᠢᠨ ᠦᠰᠦᠭ ᠶ᠋ᠢᠡᠷ ᠲᠣᠪᠴᠢ ᠲᠠᠶ᠋ᠢᠯᠪᠤᠷᠢ ᠬᠡᠪᠯᠡᠨ᠎ᠡ
ᠵᠠᠭᠤᠨ ᠵᠢᠯ ᠦ᠋ᠨ ᠳᠠᠷᠠᠭᠠᠬᠢ ᠵᠢᠷᠤᠭ ᠬᠤᠸᠠᠷ ᠰᠢᠭ᠋ ᠬᠡᠦᠬᠡᠨ ᠨᠤᠭᠦᠳ ᠴᠢᠮ᠎ᠠ  ᠳᠤ ᠮᠢᠨᠢ ᠠᠲᠠᠭᠠᠷᠬᠠᠨ᠎ᠠ ᠃
ᠠᠵᠠᠲᠠᠢ ᠬᠡᠦᠬᠡᠨ ᠪᠤᠢ ! ᠬᠡᠵᠤ  ᠡᠮᠡᠭᠲᠡᠢ ᠨᠢ ᠴᠤ᠌ ᠬᠡᠯᠡᠨ᠎ᠡ
ᠡᠷᠡᠭᠲᠡᠢ ᠨᠢ ᠴᠤ᠌ ᠬᠡᠯᠡᠨ᠎ᠡ
ᠵᠢᠷᠤᠭ ᠊ᠢ ᠴᠢᠨᠢ ᠰᠢᠲᠦᠨ᠎ᠡ
ᠠᠭᠤᠤ ᠶᠡᠬᠡ ᠬᠥᠮᠦᠨ ᠬᠡᠵᠤ  ᠨᠠᠮᠠᠶ᠋ᠢ ᠲᠡᠲᠡ ᠪᠣᠲᠣᠨ᠎ᠠ ᠂ ᠪᠠᠰᠠ ᠰᠢᠲᠦᠨ᠎ᠡ ᠂ 
ᠭᠡᠪᠡᠴᠦ ᠡᠨᠡ ᠪᠡᠶ᠎ᠡ ᠶ᠋ᠢ ᠮᠢᠨᠢ ᠪᠢᠴᠢᠭᠰᠡᠨ ᠰᠢᠯᠦᠭ ᠲᠡᠢ ᠪᠡᠨ 
ᠠᠲᠠᠯᠢ ᠪᠠᠶ᠋ᠢᠬ᠋᠎ᠠ ᠦᠭᠡᠢ ᠶ᠋ᠢ ᠲᠡᠲᠡ ᠮᠡᠲᠡᠬᠦ ᠦᠭᠡᠢ
ᠡᠭᠡᠯ ᠦ᠋ᠨ ᠡᠭᠡᠯ ᠂ ᠶᠠᠲᠠᠭᠤ ᠶ᠋ᠢᠨ ᠶᠠᠲᠠᠭᠤ ᠨᠢᠭᠡᠨ ᠠᠷᠠᠳ ᠶᠠᠪᠤᠭᠰᠠᠨ ᠭᠡᠵᠦ ᠲᠡᠲᠡ ᠪᠣᠲᠣᠬᠤ ᠦᠭᠡᠢ
ᠪᠠᠰᠠ ᠴᠢᠮᠠᠶ᠋ᠢ ᠠᠪᠠᠯᠢ ᠨᠥᠬᠥᠷ ᠎ᠡᠴᠡ ᠎ᠪᠡᠨ ᠰᠠᠯᠵᠤ ᠡᠰᠡ ᠵᠢᠷᠦᠬᠡᠯᠡᠨ
ᠪᠠᠲᠤᠨᠣᠷᠪᠤ᠎ ᠶ᠋ᠢᠨ ᠬᠥᠨᠲᠡᠢ  ᠳᠤ ᠤᠬᠢᠯᠠᠵᠤ ᠦᠯᠡᠲᠡᠵᠦ ᠶᠠᠪᠤᠭᠰᠠᠨ
ᠵᠣᠪᠠᠯᠠᠩᠲᠠᠨ ᠬᠡᠵᠤ ᠲᠡᠲᠡ ᠢᠲᠡᠭᠡᠬᠦ  ᠦᠭᠡᠢ
ᠡᠮᠡᠭᠲᠡᠢ ᠨᠢ ᠨᠥᠬᠥᠷ ᠲᠡᠭᠡᠨ ᠵᠣᠲᠣᠭᠤᠯᠵᠤ 
ᠡᠷᠡᠭᠲᠡᠢ ᠨᠢ ᠴᠠᠭ ᠦᠶ᠎ᠡ ᠳ᠋ᠡᠭᠡᠨ ᠵᠣᠲᠣᠭᠤᠯᠤᠭᠰᠠᠨ ᠶᠠᠲᠠᠭᠤ ᠬᠣᠣᠰ
ᠡᠨᠡ ᠵᠠᠭᠤᠨ  ᠳᠤ ᠤᠬᠢᠯᠠᠵᠤ ᠶᠠᠪᠤᠭᠰᠠᠨ ᠊ᠢ ᠮᠠᠨᠢ ᠢᠷᠡᠬᠦ ᠵᠠᠭᠤᠨ  ᠳᠤ ᠮᠡᠲᠡᠬᠦ ᠦᠭᠡᠢ
ᠲᠡᠲᠡᠨ ᠊ᠢ ᠮᠡᠲᠡᠬᠦ ᠨᠢ ᠡᠨᠡ ᠬᠣᠶᠠᠷ ᠴᠦ᠍ ᠶᠣᠰᠣᠲᠠᠢ ᠵᠢᠷᠭᠠᠭᠰᠠᠨ ᠳ᠋ᠠ ᠬᠡᠵᠤ ᠱᠠᠭᠰᠢᠨ᠎ᠠ
ᠲᠡᠷᠡ ᠨᠢ ᠳᠡᠭᠡᠷ᠎ᠡ ᠂ ᠪᠦᠲᠦᠭᠡᠯᠴᠢ ᠶ᠋ᠢᠨ ᠵᠣᠪᠠᠯᠠᠩ ᠶ᠋ᠢᠠᠷ ᠪᠦᠲᠦᠭᠡᠯ ᠦ᠋ᠨ ᠵᠢᠷᠭᠠᠯ ᠣᠯᠲᠠᠲᠠᠭ ᠶᠤᠮ
ᠬᠠᠷᠢᠨ ᠴᠢ ᠪᠢᠲᠡ ᠬᠣᠶᠠᠷ ᠲᠦᠮᠡ  ᠥᠭᠭᠦᠭᠰᠡᠨ ᠭᠠᠭᠴᠠ ᠵᠢᠷᠭᠠᠯ ᠪᠣᠯ 
ᠬᠠᠷᠠᠩᠭᠤᠢ ᠫᠸᠩ ᠂ ᠠᠯᠲᠠ ᠬᠦᠷᠬᠦ ᠦᠭᠡᠢ ᠭᠡᠷ ᠲᠤ
ᠳᠡᠯᠢᠮ ᠬᠦᠷᠬᠦ ᠦᠭᠡᠢ ᠮᠣᠲᠣᠨ ᠣᠷᠣ 
ᠭᠤᠴᠢᠨ ᠭᠤᠷᠪᠠᠨ ᠬᠣᠨᠣᠭ ᠪᠢᠯᠡ ᠃
               1974.10.13

        《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

        ᠦᠰᠦᠭ ᠠᠮᠢᠯᠠᠭᠤᠯᠤᠭᠴᠢ ᠄  ᠴᠣᠭᠵᠢᠷᠭᠠᠯ
          ᠬᠢᠨᠠᠭᠴᠢ ᠄  ᠣᠳᠬᠠᠨᠰᠣ᠎ᠠ ᠂  ᠭᠠᠷᠮ᠎ᠠ