ᠤᠯᠠᠭᠠᠨᠪᠠᠭᠠᠲᠤᠷ ᠠᠴᠠ ᠴᠡᠷᠡᠨᠳᠤᠯᠮ᠎ᠠ ᠳ᠋ᠠᠭᠠᠨ ᠪᠢᠴᠢᠭᠰᠡᠨ ᠵᠠᠬᠢᠳᠠᠯ - ᠷ ᠂ ᠴᠣᠢᠨᠣᠮ Улаанбаатараас цэрэндуламдаа бичсэн захидал - Р ᠂ Чойном
ᠤᠯᠠᠭᠠᠨᠪᠠᠭᠠᠲᠤᠷ ᠠᠴᠠ ᠴᠡᠷᠡᠨᠳᠤᠯᠮ᠎ᠠ ᠳ᠋ᠠᠭᠠᠨ ᠪᠢᠴᠢᠭᠰᠡᠨ ᠵᠠᠬᠢᠳᠠᠯ
ᠠᠯᠠᠭᠬᠠᠨ ᠬᠣᠷᠸ᠋᠎ᠠ ᠶᠢᠨ ᠣᠴᠢᠷ ᠲᠠᠨᠢᠭ᠎ᠠ ᠥᠬᠡᠢ
ᠠᠷᠪᠠᠨ ᠵᠢᠷᠭᠤᠭᠠᠨ ᠨᠠᠰᠤᠨ ᠤ ᠮᠢᠨᠢ ᠵᠡᠭᠦᠳᠦ ᠰᠢᠭ᠌
ᠠᠰᠢᠲᠠᠶ᠋ᠢᠬᠠᠨ ᠲᠠᠶ᠋ᠢᠪᠤᠩ ᠬᠥᠳᠡᠭᠡ ᠲᠡᠷᠲᠡᠭᠡ ᠳᠤ
ᠠᠮᠠᠷᠠᠭᠬᠠᠨ ᠴᠢ ᠮᠢᠨᠢ ᠰᠠᠶ᠋ᠢᠨ ᠰᠠᠭᠤᠨ᠎ᠠ ᠦᠦ
ᠨᠠᠭᠤᠷ ᠤᠨ ᠰᠢᠪᠠᠭᠤ ᠰᠢᠭ᠋ ᠢᠵᠢᠯᠢᠳᠦᠨ ᠳᠠᠰᠤᠭᠰᠠᠨ
ᠨᠤᠲᠤᠭ ᠦᠨ ᠵᠤᠨ ᠢ ᠰᠠᠨᠠᠨ ᠰᠠᠨᠠᠨ
ᠨᠢᠭᠤᠴᠠᠬᠠᠨ ᠭᠤᠨᠢᠭ ᠢᠶ᠋ᠠᠨ ᠭᠠᠭᠴᠠ ᠪᠠᠷ ᠶ᠋ᠢᠠᠨ ᠡᠭᠦᠷᠴᠦ
ᠨᠢᠯᠪᠤᠰᠤ ᠶᠤᠭᠠᠨ ᠤᠨᠠᠭᠠᠵᠤ ᠰᠠᠭᠤᠨ᠎ᠠ ᠦᠦ
ᠰᠠᠭᠤᠭᠰᠠᠨ ᠶᠠᠪᠤᠭᠰᠠᠨ ᠳᠤᠷᠠᠰᠬᠠᠯᠲᠤ ᠭᠠᠵᠠᠷ
ᠰᠤᠮᠤ ᠶᠢᠨ ᠲᠥᠪ ᠡᠯᠦᠢ ᠬᠣᠯᠣᠶ᠋ᠢᠬᠠᠨ
ᠬᠦᠦ ᠴᠢᠨᠢ ᠲᠡᠨᠳᠡ ᠥᠬᠡᠢ ᠪᠣᠯᠬᠤ ᠪᠠᠷ
ᠬᠦᠢᠲᠡᠨ ᠪᠠᠷᠤᠭᠠᠷ ᠪᠠᠶ᠋ᠢᠭ᠎ᠠ ᠪᠣᠯᠪᠠ ᠦᠦ
ᠠᠮᠠᠷᠠᠭᠯᠠᠨ ᠳᠠᠰᠤᠭᠰᠠᠨ ᠰᠡᠳᠬᠢᠯ ᠭᠡᠳᠡᠭ
ᠠᠷᠭᠠᠯᠠᠵᠤ ᠪᠣᠯᠳᠠᠭ ᠥᠬᠡᠢ ᠬᠡᠴᠡᠭᠦᠦ ᠪᠣᠯᠬᠤ ᠪᠠᠷ
ᠠᠶ᠋ᠢᠮᠠᠭ ᠠᠴᠠ ᠣᠴᠢᠲᠠᠭ ᠰᠢᠤᠳᠠᠨ ᠤ ᠵᠠᠮ ᠢ
ᠠᠮᠢᠲᠠᠨ ᠠ᠋ᠴᠠ ᠨᠢᠭᠤᠴᠠᠬᠠᠢ ᠰᠢᠷᠲᠡᠨ ᠪᠠᠶ᠋ᠢᠨ᠎ᠠ ᠦᠦ
ᠵᠢᠷᠦᠬᠡ ᠵᠦᠰᠦᠭᠰᠡᠨ ᠰᠢᠨᠡᠬᠡᠨ ᠰᠢᠷᠬ᠎ᠠ
ᠵᠦᠢᠷᠯᠡᠵᠦ ᠪᠣᠯᠤᠮ᠎ᠠ ᠲᠡᠷᠡ ᠵᠠᠮ ᠤᠨ
ᠬᠣᠯᠠ ᠶᠢᠨ ᠦᠵᠦᠭᠦᠷ ᠲᠤ ᠪᠢ ᠴᠢᠨᠢ ᠴᠢᠮᠠᠶ᠋ᠢ
ᠬᠣᠨᠣᠨ ᠥᠨᠵᠢᠨ ᠰᠠᠨᠠᠭᠰᠠᠭᠠᠷ ᠶᠠᠪᠤᠶ᠎ᠠ
ᠬᠥᠮᠦᠨ ᠤ ᠬᠥᠮᠦᠨ ᠢ ᠰᠠᠨᠠᠨ᠎ᠠ ᠭᠡᠳᠡᠭ
ᠬᠦᠨᠳᠦ ᠪᠣᠯᠪᠠᠴᠤ ᠠᠮᠲᠠᠲᠠᠢ ᠪᠠᠶ᠋ᠢᠳᠠᠭ ᠢ
ᠢᠳᠡᠷ ᠨᠠᠰᠤᠨ ᠳᠠᠭᠠᠨ ᠠᠩᠵᠠᠭᠠᠷᠠᠬᠤ ᠨᠢ ᠥᠬᠡᠢ
ᠡᠶ᠋ᠢᠮᠦ ᠯᠡ ᠬᠡᠴᠡᠭᠦᠦ ᠳᠠᠰᠳᠠᠭ ᠶᠤᠮ ᠪᠠᠶ᠋ᠢᠨ᠎ᠠ ᠃
ᠠᠲᠠᠷ ᠲᠠᠯ᠎ᠠ ᠳ᠋ᠠᠭᠠᠨ ᠳᠤᠷ᠎ᠠ ᠪᠠᠷ ᠥᠰᠦᠭᠰᠡᠨ
ᠠᠷᠠᠳ ᠰᠢᠯᠦᠭᠴᠢ ᠶ᠋ᠢᠨ ᠤᠶᠠᠬᠠᠨ ᠵᠢᠷᠦᠬᠡ
ᠠᠯᠠᠭᠬᠠᠨ ᠨᠢᠳᠦᠨ ᠳᠤ ᠴᠢᠨᠢ ᠤᠶ᠋ᠢᠵᠤ ᠤᠨᠠᠬᠤ
ᠠᠪᠤ ᠶᠢᠨ ᠦᠶ᠎ᠡ ᠶᠢᠨ ᠢᠷᠦᠭᠡᠯ ᠶᠤᠮ ᠪᠠᠶ᠋ᠢᠬ᠎ᠠ
ᠡᠨᠡ ᠬᠦᠷᠲᠡᠯ᠎ᠡ ᠵᠣᠷᠢᠭ ᠢᠶ᠋ᠠᠷ ᠢᠶ᠋ᠠᠨ ᠶᠠᠪᠤᠭᠰᠠᠨ
ᠷᠢᠨᠴᠢᠨ ᠤ ᠬᠦᠦ ᠶᠢᠨ ᠪᠡᠶ᠎ᠡ ᠰᠡᠳᠬᠢᠯ
ᠡᠷᠪᠡᠭᠡᠷ ᠬᠥᠭᠡᠷᠦᠬᠦᠨ ᠬᠥᠮᠦᠰᠬᠡᠨ ᠳᠤ ᠴᠢᠨᠢ ᠳᠡᠭᠡᠭᠡᠳᠡᠭᠦᠯᠬᠦ
ᠡᠵᠢ ᠶᠢᠨ ᠦᠶ᠎ᠡ ᠶᠢᠨ ᠲᠥᠭᠡᠷᠭᠡ ᠶᠤᠮ ᠪᠠᠶ᠋ᠢᠬ᠎ᠠ ᠃
ᠪᠤᠮ ᠪᠤᠵᠢᠭᠢᠨᠠᠭᠰᠠᠨ ᠬᠣᠲᠠ ᠶᠢᠨ ᠭᠠᠵᠠᠷ
ᠪᠤᠵᠠᠭᠠᠢ ᠥᠬᠢᠳ ᠤᠨ ᠳᠠᠪᠠᠯᠭᠠᠨ ᠳᠤᠮᠳᠠ
ᠵᠠᠶᠠᠭᠠᠨ ᠤ ᠡᠷᠬᠡ ᠪᠠᠷ ᠬᠣᠯᠪᠣᠭᠳᠠᠨ ᠤᠷᠤᠰᠬᠤ
ᠵᠠᠪᠢ ᠶᠢᠨ ᠠᠳᠠᠯᠢ ᠭᠠᠭᠴᠠᠭᠠᠷᠳᠠᠨ ᠶᠠᠪᠤᠬᠤ ᠳᠤ
ᠡᠷᠪᠡᠭᠡᠷ ᠬᠥᠮᠦᠰᠭᠡᠲᠠᠢ ᠴᠢᠮ᠎ᠠ ᠲᠠᠢ ᠮᠢᠨᠢ
ᠡᠩ ᠵᠡᠷᠭᠡᠴᠡᠬᠦ ᠨᠢ ᠥᠬᠡᠢ ᠪᠠᠶ᠋ᠢᠨ᠎ᠠ ᠂
ᠳᠦᠷᠯᠡᠭᠡᠷ ᠨᠢᠳᠦᠨ ᠠᠮᠠᠷᠠᠭ ᠲᠠᠢ ᠮᠢᠨᠢ
ᠳ᠋ᠦᠢᠵᠦ ᠬᠠᠷᠠᠭᠳᠠᠬᠤ ᠨᠢ ᠠᠯᠠᠭ᠎ᠠ ᠪᠠᠶ᠋ᠢᠨ᠎ᠠ ᠃
ᠳᠡᠭᠦᠵᠢᠩ ᠬᠣᠯᠠ ᠶᠢᠨ ᠴᠡᠩᠬᠡᠷ ᠠᠭᠤᠯᠠᠰ ᠢ
ᠳᠡᠭᠦᠯᠢᠭᠡᠳ ᠭᠠᠷᠬᠤ ᠴᠢᠳᠠᠯ ᠪᠠᠶ᠋ᠢᠪᠠᠴᠤ
ᠳᠤᠷᠠᠯᠠᠭᠰᠠᠨ ᠵᠣᠷᠬ᠋ᠠ ᠪᠠᠷ ᠬᠠᠶ᠋ᠢᠷᠠᠲᠤ ᠴᠢᠮ᠎ᠠ ᠳᠠᠭᠠᠨ
ᠳᠠᠭᠤᠯᠠᠭᠠᠳ ᠬᠥᠷᠬᠥ ᠠᠷᠭ᠎ᠠ ᠨᠢ ᠥᠬᠡᠢ ᠯᠠ ᠁
ᠠᠭᠤᠵᠢᠮ ᠬᠣᠯᠠ ᠶᠢᠨ ᠪᠤᠳᠠᠩᠲᠤ ᠬᠥᠨᠳᠡᠢ ᠶᠢ
ᠤᠭᠤᠬᠢᠯᠠᠭᠠᠳ ᠭᠠᠲᠤᠯᠬᠤ ᠲᠡᠩᠬᠡᠯ ᠪᠠᠶ᠋ᠢᠪᠠᠴᠤ
ᠤᠶᠠᠷᠠᠭᠰᠠᠨ ᠵᠣᠷᠢᠭ ᠢᠶ᠋ᠠᠷ ᠴᠢᠮ᠎ᠠ ᠶᠤᠭᠠᠨ
ᠠᠭᠤᠯᠵᠠᠨ ᠲᠡᠪᠡᠷᠢᠬᠦ ᠪᠣᠯᠤᠮᠵᠢ ᠥᠬᠡᠢ ᠯᠠ ᠁
ᠠᠯᠠᠭ ᠲᠠᠢ ᠴᠣᠭᠣᠭ ᠲᠠᠢ ᠡᠨᠡᠬᠡᠨ ᠬᠣᠷᠸ᠋᠎ᠠ ᠳᠤ
ᠠᠵᠠ ᠪᠠᠷ ᠳᠤᠲᠠᠭᠤ ᠲᠥᠷᠥᠭᠰᠡᠨ ᠶᠤᠮ ᠪᠠᠶ᠋ᠢᠯᠭᠦᠢ
ᠠᠮᠠᠷᠠᠭ ᠴᠢᠮ᠎ᠠ ᠲᠠᠢ ᠪᠠᠨ ᠲᠤᠷ᠎ᠠ ᠪᠠᠷ ᠵᠢᠷᠭᠠᠬᠤ
ᠠᠯᠬᠤᠮ ᠭᠠᠵᠠᠷ ᠴᠦ᠍ ᠣᠯᠳᠠᠳᠠᠭ ᠪᠣᠯᠤᠭᠠᠰᠠᠢ ᠃
ᠬᠣᠵᠢᠬᠤ ᠳᠤᠷᠠᠲᠠᠢ ᠡᠨᠡᠬᠡᠨ ᠽᠠᠮᠪᠤᠯᠢᠩ ᠳᠤ
ᠬᠣᠩᠰᠢᠶᠠᠷ ᠳᠤᠲᠠᠭᠤ ᠲᠥᠷᠥᠭᠰᠡᠨ ᠶᠤᠮ ᠪᠠᠶ᠋ᠢᠯᠭᠦᠢ
ᠬᠣᠩᠭᠣᠷ ᠴᠢᠮ᠎ᠠ ᠲᠠᠢ ᠪᠠᠨ ᠬᠠᠨᠲᠠᠯ᠎ᠠ ᠵᠢᠷᠭᠠᠬᠤ
ᠬᠣᠩᠬᠣᠷ ᠬᠣᠩᠭᠢᠯ ᠴᠦ᠍ ᠣᠯᠳᠠᠳᠠᠭ ᠪᠣᠯᠤᠭᠠᠰᠠᠢ ᠃
ᠵᠦᠢᠲᠡᠢ ᠢᠨᠠᠭ ᠤᠨ ᠮᠥᠷᠦᠭᠡᠰᠦᠯ ᠪᠣᠯᠵᠣ
ᠵᠦᠳᠡᠷᠡᠭᠰᠡᠨ ᠵᠦᠳᠡᠷᠡᠯ ᠢᠶ᠋ᠠᠨ ᠬᠡᠯᠡᠶ᠎ᠡ ᠭᠡᠪᠡᠯ ᠭᠦ᠋
ᠵᠡᠭᠦᠨ ᠲᠡᠶ᠋ᠢᠰᠢ ᠪᠠᠨ ᠦᠯᠢᠶᠡᠬᠦ ᠰᠠᠯᠬᠢᠨ ᠳᠡᠭᠡᠷ᠎ᠡ
ᠵᠢᠷᠦᠬᠡ ᠪᠠᠨ ᠲᠠᠯᠪᠢᠭᠠᠳ ᠶᠠᠪᠤᠭᠤᠯᠬᠤ ᠶᠤᠮᠰᠠᠨ
ᠨᠢᠭᠤᠴᠠᠬᠠᠨ ᠠᠮᠠᠷᠠᠭ ᠤᠨ ᠰᠠᠨᠠᠭᠠᠰᠢᠷᠠᠯ ᠢᠶ᠋ᠠᠨ
ᠨᠣᠲᠠᠯᠠᠨ ᠪᠠᠭᠲᠠᠭᠠᠨ ᠬᠡᠯᠡᠶ᠎ᠡ ᠭᠡᠪᠡᠯ ᠭᠦ᠋
ᠨᠤᠲᠤᠭ ᠤᠨ ᠵᠦᠭ ᠤᠨ ᠡᠭᠦᠯᠡᠨ ᠳᠤᠨᠢ ᠪᠣᠯ
ᠨᠢᠯᠪᠤᠰᠤ ᠪᠠᠨ ᠳᠠᠶ᠋ᠢᠯᠭᠠᠭᠠᠳ ᠢᠯᠡᠭᠡᠬᠦ ᠶᠤᠮᠰᠠᠨ ᠃
ᠵᠢᠭᠠᠬᠠᠨ ᠵᠢᠷᠤᠭ ᠢ ᠴᠢᠨᠢ ᠰᠢᠷᠲᠡᠵᠦ ᠰᠠᠭᠤᠬᠤ ᠳᠤ
ᠵᠢᠷᠭᠠᠯ ᠤᠨ ᠳᠤᠮᠳᠠ ᠵᠣᠪᠠᠯᠠᠩ ᠠᠮᠲᠠᠭᠳᠠᠬᠤ ᠶᠤᠮ
ᠵᠣᠯᠭᠠᠵᠤ ᠬᠠᠶᠠ ᠴᠢᠮᠠᠶ᠋ᠢ ᠪᠠᠨ ᠵᠡᠭᠦᠳᠦᠯᠡᠬᠦ ᠳᠤ
ᠵᠣᠪᠠᠯᠠᠩ ᠤᠨ ᠳᠤᠮᠳᠠᠬᠢ ᠵᠢᠷᠭᠠᠯ ᠠᠮᠲᠠᠭᠳᠠᠬᠤ ᠶᠤᠮ
ᠡᠳᠦᠷ ᠤᠨ ᠪᠣᠳᠣᠯ ᠰᠥᠨᠢ ᠶᠢᠨ ᠵᠡᠭᠦᠳᠦ ᠪᠠᠨ
ᠥᠭᠦᠯᠡᠵᠦ ᠴᠢᠮ᠎ᠠ ᠳᠠᠭᠠᠨ ᠲᠣᠭᠠᠴᠢᠶ᠎ᠠ ᠭᠡᠪᠡᠯ
ᠪᠡᠶ᠎ᠡ ᠰᠡᠳᠬᠢᠯ ᠤᠨ ᠵᠣᠪᠠᠯ ᠵᠢᠷᠭᠠᠯ
ᠪᠢᠴᠢᠭ ᠦᠨ ᠳᠡᠪᠲᠡᠷ ᠲᠤ ᠪᠠᠭᠲᠠᠬᠤ ᠥᠬᠡᠢ ᠶᠤᠮ ᠃
1974 ᠂ 10 ᠂ 24
《 ᠷ · ᠴᠣᠶ᠋ᠢᠨᠣᠮ ᠦ᠋ᠨ ᠰᠢᠯᠦᠭ ᠵᠣᠬᠢᠶᠠᠯ ᠦ᠋ᠨ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ ᠄ ᠣᠳᠣᠨᠭᠡᠷᠡᠯ
ᠬᠢᠨᠠᠭᠴᠢ ᠄ ᠣᠳᠣᠨᠭᠡᠷᠡᠯ
