1. ᠲᠡᠷᠢᠭᠦᠨ ᠨᠢᠭᠤᠷ >
  2. ᠨᠡᠪᠲᠡᠷᠡᠭᠦᠯᠭᠡ >
  3. ChatGPT ᠭᠡᠲᠡᠭ ᠊ᠢ ᠵᠠᠷᠤᠵᠤ ᠦᠵᠡᠭᠰᠡᠨ ᠬᠥᠮᠦᠨ ᠪᠠᠢᠨ᠎ᠠ ᠤᠤгэдэг И зарж үзсэн хүн байна уу

ChatGPT ᠭᠡᠲᠡᠭ ᠊ᠢ ᠵᠠᠷᠤᠵᠤ ᠦᠵᠡᠭᠰᠡᠨ ᠬᠥᠮᠦᠨ ᠪᠠᠢᠨ᠎ᠠ ᠤᠤгэдэг И зарж үзсэн хүн байна уу

ᠠᠩᠭᠢᠯᠠᠯ:ᠮᠡᠳᠡᠭᠡᠯᠡᠯ
2023-03-19

209

ChatGPT ᠭᠡᠲᠡᠭ ᠊ᠢ ᠵᠠᠷᠤᠵᠤ ᠦᠵᠡᠭᠰᠡᠨ ᠬᠥᠮᠦᠨ ᠪᠠᠢᠨ᠎ᠠ ᠤᠤ

    ChatGPT ᠭᠡᠲᠡᠭ ᠊ᠢ ᠵᠠᠷᠤᠵᠤ ᠦᠵᠡᠭᠰᠡᠨ ᠬᠥᠮᠦᠨ ᠪᠠᠢᠨ᠎ᠠ ᠤᠤ ? ᠡᠨᠡ ᠣᠲᠣ ᠬᠡᠷᠡᠭ ᠦ᠋ᠨ ᠶᠠᠭᠤᠮ᠎ᠠ ᠰᠢᠦ ᠃ ᠮᠡᠷᠭᠡᠵᠢᠯ ᠦ᠋ᠨ ᠬᠥᠮᠦᠨ ᠪᠢᠰᠢ ᠪᠣᠯᠬᠣᠷ ᠶᠠᠭ ᠨᠠᠷᠢᠨ ᠶᠠᠷᠢᠵᠤ ᠴᠢᠲᠠᠬᠤ ᠦᠭᠡᠢ ᠂ ᠬᠠᠷ᠎ᠠ ᠤᠬᠠᠭᠠᠨ ᠶ᠋ᠢᠠᠷ ᠶ᠋ᠢᠠᠨ ᠣᠶ᠋ᠢᠯᠠᠭᠠᠪᠠᠯ ᠮᠠᠰᠢᠨ ᠥᠪᠡᠷᠲᠡᠭᠡᠨ ᠰᠦᠯᠵᠢᠶᠡᠨ ᠳᠡᠭᠡᠷᠡᠬᠢ ᠦᠰᠦᠭ ᠊ᠢ ᠰᠤᠷᠤᠯᠴᠠᠭᠠᠳ ᠥᠭᠦᠯᠡᠪᠦᠷᠢ ᠪᠣᠯᠭᠠᠵᠤ ᠴᠢᠲᠠᠲᠠᠭ ᠰᠣᠹᠲ ᠃  ᠭᠡᠬᠦ ᠳᠤ ᠪᠡᠨ ᠡᠨᠡ ᠮᠡᠲᠡᠭᠡᠵᠢ ᠮᠣᠩᠭᠣᠯ ᠶ᠋ᠢᠠᠷ ᠪᠢᠴᠢᠵᠦ ᠴᠢᠲᠠᠬᠤ ᠦᠭᠡᠢ ᠃ ᠶᠠᠭᠠᠬᠢᠭᠠᠳ ᠭᠡᠪᠡᠯ ᠂ ᠪᠢᠲᠡᠨᠡᠷ ᠲᠦ ᠶᠦᠨᠢᠺᠣᠲ ᠲᠤ ᠰᠠᠭᠤᠷᠢᠯᠠᠭᠰᠠᠨ ᠫᠣᠰᠲ ᠪᠤᠶᠤ ᠵᠣᠬᠢᠶᠠᠯ ᠦ᠋ᠨ ᠬᠥᠮᠥᠷᠭᠡ ᠪᠠᠶ᠋ᠢᠬᠤ ᠦᠭᠡᠢ ᠃ ᠨᠠᠭᠠᠲᠤᠬᠢ ᠡᠨᠡ ᠰᠣᠨᠢᠨ ᠰᠣᠹᠲ ᠴᠢᠨᠢ ᠥᠪᠡᠷᠲᠡᠭᠡᠨ ᠳᠡᠯᠡᠬᠡᠢ ᠶ᠋ᠢᠨ ᠡᠯ᠎ᠡ ᠬᠡᠯᠡᠨ ᠪ ᠵᠣᠬᠢᠶᠠᠯ ᠦ᠋ᠨ ᠬᠥᠮᠥᠷᠭᠡ ᠡᠴᠡ ᠲᠠᠲᠠᠵᠤ ᠰᠤᠷᠲᠠᠭ ᠂ ᠳᠡᠭᠡᠷ᠎ᠡ ᠨᠢ ᠪᠠᠷᠤᠭᠯᠠᠪᠠᠯ ᠭᠠᠭᠴᠠᠬᠠᠨ ᠮᠣᠩᠭᠣᠯ ᠦᠰᠦᠭ ᠪᠠᠶ᠋ᠢᠬᠤ ᠦᠭᠡᠢ ᠃ ᠣᠲᠣ ᠠᠮᠠᠷᠠᠵᠤ ‍ᠦᠦ ? ᠶᠠᠭ ᠰᠢᠨᠵᠢᠯᠡᠬᠦ ᠤᠬᠠᠭᠠᠨ ᠪ ᠲᠠᠯ᠎ᠠ ᠠ᠋ᠴᠠ ᠶᠠᠷᠢᠪᠠᠯ ᠬᠥᠮᠦᠨ ᠨᠢᠰᠴᠦ ᠪᠠᠶ᠋ᠢᠨ᠎ᠠ ᠂  ᠪᠢᠲᠡ ᠪᠠᠰᠠ ᠯᠠ ᠦᠬᠡᠷ ᠲᠡᠷᠭᠡ ᠪᠡᠷ ᠶ᠋ᠢᠡᠨ ᠪᠠᠶ᠋ᠢᠬᠰᠠᠭᠠᠷ ᠪᠠᠶ᠋ᠢᠨ᠎ᠠ ᠃ ᠶᠠᠭᠠᠬᠢᠬᠤ ‍ᠦᠦ ? ᠪᠢᠲᠡᠨᠡᠷ ᠴᠢᠨᠢ ᠶᠦᠨᠢᠺᠣᠲ ᠊ᠢ ᠪᠡᠨ ᠪᠢᠴᠢᠭ ᠦ᠋ᠨ ᠬᠥᠮᠦᠨ ᠵᠠᠷᠤᠲᠠᠭ ᠭᠡᠵᠦ ᠣᠶ᠋ᠢᠯᠠᠭᠠᠵᠤ ᠪᠠᠶ᠋ᠢᠬᠰᠠᠨ ᠶ᠋ᠢᠠᠨ ᠣᠲᠣ ᠰᠢᠨᠡᠴᠢᠯᠡᠮᠡᠷ ᠶᠤᠮ ᠃ ᠢᠷᠡᠭᠡᠲᠦᠢ ᠳᠤ ᠶᠠᠭᠤᠮ᠎ᠠ ᠪᠦᠬᠦᠨ ᠊ᠢ ᠡᠨᠡ ᠬᠠᠮᠢᠶᠠᠲᠠᠢ ᠭᠠᠵᠠᠷ ᠲᠤ ᠭᠦᠢᠴᠡᠤᠠᠬᠡᠨ᠎ᠡ ᠂ ᠪᠢᠲᠡᠨᠡᠷ ᠦ᠋ᠨ ᠦᠰᠦᠭ ᠬᠠᠮᠢᠭ᠎ᠠ ᠪᠠᠶ᠋ᠢᠨ᠎ᠠ ? ᠶᠡᠷᠦ ᠨᠢ ᠶᠦᠨᠢᠺᠣᠲ  ᠳᠤ ᠤᠶ᠋ᠢᠭᠤᠷᠵᠢᠨ ᠮᠣᠩᠭᠣᠯ ᠦᠰᠦᠭ ᠊ᠢ ᠣᠷᠣᠭᠤᠯᠤᠭᠰᠠᠨ ᠦᠭᠡᠢ ᠪᠢᠰᠢ ᠂ ᠣᠷᠣᠭᠤᠯᠵᠠᠢ ᠃  ᠭᠡᠬᠦ ᠳᠤ ᠪᠡᠨ ᠬᠠᠭᠠᠰ ᠳᠤᠲᠠᠭᠤ ᠣᠷᠣᠭᠤᠯᠵᠠᠢ ᠃ ᠲᠡᠶ᠋ᠢᠮᠦ ᠪᠣᠯᠬᠣᠷ ᠰᠠᠯᠵᠤ ᠢᠯᠡᠷᠡᠲᠡᠭ ᠃ ᠳᠤᠮᠳᠠ ᠨᠢ FVS MVS ᠭᠠᠷᠲᠠᠭ᠂ ᠣᠲᠣ ᠲᠡᠭᠡᠭᠡᠳ ᠶᠠᠭᠠᠬᠢᠮᠠᠷ ᠪᠠᠶ᠋ᠢᠨ᠎ᠠ ? ᠮᠣᠩᠭᠣᠯ ᠨᠢ ᠪᠠᠰᠠ25 ᠣᠨ ᠳᠤ ᠤᠶ᠋ᠢᠭᠤᠷᠵᠢᠨ ᠮᠣᠩᠭᠣᠯ ᠶ᠋ᠢᠠᠨ ᠰᠡᠷᠭᠦᠭᠡᠬᠦ ᠭᠡᠳ ᠯᠡ ᠂ ᠳᠤᠲᠠᠭᠤ ᠳᠣᠷᠭᠣᠨ ᠣᠷᠣᠭᠰᠠᠨ ᠶᠠᠭᠤᠮ᠎ᠠ ᠶ᠋ᠢ ᠶᠠᠭᠠᠬᠢᠵᠤ ᠵᠠᠰᠠᠨ᠎ᠠ ? ᠡᠭᠦᠨ ᠊ᠢ ᠣᠲᠣ ᠶᠠᠭᠠᠬᠢᠵᠤ ᠰᠡᠷᠭᠦᠭᠡᠨ᠎ᠡ ? ᠥᠨᠥᠲᠥᠷ ᠬᠦᠷᠲᠡᠯ᠎ᠡ ᠮᠠᠨ ᠪ ᠸᠢᠴᠠᠲ ᠲᠠᠪᠴᠠᠩ ᠦ᠋ᠨ ᠮᠣᠩᠭᠣᠯ ᠵᠣᠬᠢᠶᠠᠯ ᠵᠢᠷᠤᠭ ᠦ᠋ᠨ ᠬᠡᠪ ᠶ᠋ᠢᠡᠷ ᠭᠠᠷᠤᠭᠰᠠᠭᠠᠷ ᠪᠠᠶ᠋ᠢᠨ᠎ᠠ ᠂ ᠦᠵᠡᠪᠡᠯ ᠠᠭᠤᠷ ᠴᠦ᠍ ᠬᠦᠷᠦᠮᠡᠷ ᠢᠨᠢᠶᠡᠲᠦ ᠴᠦ᠍ ᠬᠦᠷᠦᠮᠡᠷ ᠃ ᠶᠣᠰᠣᠲᠠᠢ ᠪᠦᠭᠦᠲᠡᠭᠡᠷ ᠶ᠋ᠢᠡᠨ ᠯᠠᠩᠭᠤᠸᠠ ᠲᠣᠯᠣᠭᠠᠢ ᠭᠡᠰᠡᠨ ᠰᠢᠭ᠌ ᠪᠣᠯᠵᠠᠢ ᠃

   ᠡᠬᠢ ᠰᠤᠷᠪᠤᠯᠵᠢ ᠄ ᠪᠠᠢᠨᠦ 

   ᠦᠰᠦᠭ ᠠᠮᠢᠯᠠᠭᠤᠯᠤᠭᠴᠢ ᠄ ᠰᠡᠴᠡᠨᠴᠢᠮᠡᠭ