ᠴᠠᠰᠤᠨ ᠳᠡᠭᠡᠷ᠎ᠡЦасан дээр-Take Off
ᠴᠠᠰᠤᠨ ᠳᠡᠭᠡᠷ᠎ᠡ
ᠦᠭᠡ ᠄ ᠬ · ᠰᠣᠶᠣᠮᠪᠣ
ᠠᠶ᠎ᠠ ᠄ ᠪᠠᠲᠤᠡᠷᠳᠡᠨᠢ
ᠠᠷᠠᠨᠵᠠᠢ
ᠳᠠᠭᠤᠴᠢᠨ ᠄ Take
Off
ᠴᠢᠨᠦ ᠡᠵᠡᠭᠦᠢ ᠰᠥᠨᠢ ᠶ᠋ᠢᠨ ᠤᠶ᠋ᠢᠳᠬᠠᠷᠲᠤ ᠰᠠᠷᠠᠨ ᠳᠣᠣᠷ᠎ᠠ
ᠨᠢᠯᠪᠤᠰᠤ ᠠᠳᠠᠯᠢ
ᠪᠤᠲᠠᠷᠠᠬᠤ ᠠᠩᠬᠠᠨ ᠤ᠋ ᠴᠠᠰᠤᠨ ᠰᠢᠷᠬᠡᠭ
ᠴᠢᠨᠦ ᠢᠷᠡᠭᠰᠡᠨ ᠡᠪᠦᠯ ᠦ᠋ᠨ ᠳᠤᠷᠠᠰᠤᠮᠵᠢ ᠪᠦᠬᠦᠨ ᠦ᠌ ᠴᠠᠭᠠᠨ᠎ᠠ
ᠨᠢᠭᠤᠴᠠ ᠠᠳᠠᠯᠢ
ᠬᠠᠶᠠᠯᠠᠬᠤ ᠴᠢᠮᠡᠭᠡ ᠦᠭᠡᠢ ᠴᠠᠰᠤᠨ
ᠴᠠᠰᠤᠨ ᠳᠡᠭᠡᠷ᠎ᠡ ᠴᠢᠨᠦ
ᠨᠡᠷ᠎ᠡ ᠶ᠋ᠢ ᠪᠢᠴᠢᠯ᠎ᠡ
ᠴᠠᠰᠤᠨ ᠳᠡᠭᠡᠷ᠎ᠡ ᠮᠢᠨᠦ
ᠨᠡᠷ᠎ᠡ ᠶ᠋ᠢ ᠪᠢᠴᠢᠭᠡᠴᠢ ᠬᠠᠯᠠᠭᠤᠨ ᠨᠠᠷᠠ ᠬᠡᠴᠢᠨᠡᠭᠡᠨ ᠲᠥᠭᠡᠨᠡᠪᠡᠴᠦ
ᠬᠠᠶ᠋ᠢᠷ᠎ᠠ ᠶ᠋ᠢᠨ ᠴᠠᠰᠤ ᠮᠢᠨᠢ ᠬᠡᠵᠢᠶ᠎ᠡ
ᠴᠦ᠍ ᠬᠠᠶ᠋ᠢᠯᠬᠤ ᠦᠭᠡᠢ
ᠴᠢᠮ᠎ᠠ ᠶ᠋ᠢ ᠭᠣᠮᠣᠳᠠᠭᠠᠭᠰᠠᠨ ᠦᠳᠡᠰᠢ ᠶ᠋ᠢᠨ ᠪᠦᠦᠳᠡᠭᠡᠷ ᠰᠠᠷᠠᠨ
ᠳᠣᠣᠷ᠎ᠠ
ᠴᠢᠮ᠎ᠠ ᠶ᠋ᠢ ᠲᠡᠪᠡᠷᠢᠭᠰᠡᠨ ᠡᠪᠦᠯ ᠦ᠋ᠨ ᠲᠡᠷᠡ ᠠᠭᠤᠴᠢᠯᠠᠯ
ᠠᠷᠭᠠᠳᠠᠬᠤ ᠠᠳᠠᠯᠢ ᠮᠠᠯᠠᠭᠠᠶ᠋ᠢᠯᠠᠬᠤ ᠵᠥᠭᠡᠯᠡᠨ ᠴᠠᠰᠤᠨ
ᠵᠢᠮᠡᠯᠡᠯ ᠠᠳᠠᠯᠢ
ᠰᠠᠨᠠᠭᠳᠠᠬᠤ ᠴᠠᠭᠠᠬᠠᠨ ᠴᠠᠰᠤᠨ
ᠲᠠᠬᠢᠯᠲᠠ
ᠴᠢᠮ᠎ᠠ ᠲᠠᠢ ᠲᠤᠰᠤᠭᠰᠠᠨ ᠰᠢᠨ᠎ᠡ ᠵᠢᠯ ᠦ᠋ᠨ ᠪᠠᠶᠠᠷ ᠭᠠᠶ᠋ᠢᠬᠠᠮᠰᠢᠬᠲᠤ ᠰᠥᠨᠢ
ᠴᠢᠮ᠎ᠠ ᠠ᠋ᠴᠠ ᠤᠶᠠᠩᠭᠠᠯᠠᠬᠤ ᠬᠠᠶ᠋ᠢᠷ᠎ᠠ ᠶ᠋ᠢᠨ ᠰᠢᠪᠡᠨᠡᠭᠡ ᠪᠡᠶ᠎ᠡ ᠳᠤ ᠮᠢᠨᠢ ᠰᠢᠩᠭᠡᠵᠦ
ᠴᠢᠮ᠎ᠠ ᠶ᠋ᠢ ᠭᠡᠷᠡᠯ ᠢ᠋ᠶ᠋ᠡᠷ ᠢ᠋ᠶ᠋ᠡᠨ ᠠᠨᠢᠪᠴᠢᠬᠤ ᠬᠣᠲᠠ ᠶ᠋ᠢᠨ ᠲᠡᠷᠡ ᠭᠤᠳᠤᠮᠵᠢ
ᠵᠤᠯᠠ ᠰᠠᠷ᠎ᠠ ᠶ᠋ᠢᠨ ᠯᠡ ᠪᠡᠨ ᠴᠢᠮ᠎ᠠ ᠲᠠᠢ ᠪᠠᠨ ᠠᠰᠠᠭᠠᠨ᠎ᠠ
ᠳᠠᠬᠢᠯᠲᠠ
