ᠨᠣᠶ᠋ᠢᠷ ᠦᠭᠡᠢ ᠬᠣᠨᠣᠭᠰᠠᠨ ᠰᠥᠨᠢ – ᠷ · ᠴᠣᠢᠨᠣᠮ Нойргүй хоносон шөнө    –  Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠶ᠋ᠢᠷ ᠦᠭᠡᠢ ᠬᠣᠨᠣᠭᠰᠠᠨ ᠰᠥᠨᠢ – ᠷ · ᠴᠣᠢᠨᠣᠮ Нойргүй хоносон шөнө    –  Р · Чойном

ᠨᠣᠶ᠋ᠢᠷ ᠦᠭᠡᠢ ᠬᠣᠨᠣᠭᠰᠠᠨ ᠰᠥᠨᠢ – ᠷ · ᠴᠣᠢᠨᠣᠮ Нойргүй хоносон шөнө    –  Р · Чойном

2023-03-19

363

ᠨᠣᠶ᠋ᠢᠷ ᠦᠭᠡᠢ ᠬᠣᠨᠣᠭᠰᠠᠨ ᠰᠥᠨᠢ


  ᠠᠷᠪᠠᠨ ᠰᠠᠷ᠎ᠠ ᠶ᠋ᠢᠨ ᠰᠡᠷᠢᠭᠦᠨ ᠲᠤᠩᠭᠠᠯᠠᠭ
 ᠠᠯᠲᠠᠷᠲᠤ ᠲᠡᠷᠡ ᠡᠲᠦᠷ ᠦ᠋ᠳ ᠡᠴᠡ ᠬᠣᠶ᠋ᠢᠰᠢ
 ᠠᠯᠲᠠᠵᠤ ᠣᠨᠣᠭᠰᠠᠨ ᠲᠠᠪᠤᠨ ᠰᠠᠷ᠎ᠠ ᠶ᠋ᠢᠨ
 ᠠᠯᠠᠭ ᠴᠣᠭᠣᠭᠬᠠᠨ ᠨᠠᠮᠲᠠᠷ ᠲᠤ ᠮᠢᠨᠢ

 ᠠᠬᠤᠢ ᠰᠡᠤᠠᠬᠢᠯ ᠥᠨᠥᠲᠥᠷ ᠰᠢᠭ᠌
 ᠠᠮᠠᠷᠠᠨ ᠲᠡᠨᠡᠢᠭᠰᠡᠨ ᠤᠲᠠᠬ᠋᠎ᠠ ᠦᠭᠡᠢ ᠪᠢᠯᠡ
 ᠠᠮᠠᠷᠠᠭ ᠢᠨᠠᠭ ᠦ᠋ᠨ ᠢᠨᠢᠶᠡᠮᠰᠦᠭᠯᠡᠯ ᠳᠤᠮᠳᠠ
 ᠠᠯᠲᠠᠷᠠᠨ ᠵᠢᠷᠭᠠᠭᠰᠠᠨ ᠡᠲᠦᠷ ᠦᠭᠡᠢ ᠪᠢᠯᠡ !

 ᠠᠶ᠎ᠠ ᠡᠨᠡ ᠂ ᠶᠠᠭᠤᠲᠠᠢ ᠰᠠᠶ᠋ᠢᠬᠠᠨ
 ᠠᠷᠢᠭᠤᠬᠠᠨ ᠲᠤᠩᠭᠠᠯᠠᠭ ᠰᠡᠤᠠᠬᠢᠯ ᠪᠢᠯᠡ ?
 ᠠᠶ᠎ᠠ ᠡᠨᠡ ᠂ ᠶᠠᠭᠤᠲᠠᠢ ᠰᠠᠶ᠋ᠢᠬᠠᠨ
 ᠠᠭᠠᠰᠢ ᠪᠠᠷ  ᠡᠶᠡᠯᠳᠡᠭ ᠥᠬᠢᠨ ᠪᠢᠯᠡ !

 ᠠᠷᠪᠠᠨ ᠵᠢᠷᠭᠤᠭᠠᠨ ᠪ ᠡᠨᠡ ‍ᠬᠦ ᠰᠥᠨᠢ ᠶ᠋ᠢ
 ᠠᠮᠢᠲᠤᠷᠠᠯ ᠮᠢᠨᠢ ᠴᠢ ᠂ ᠪᠤᠤ ᠮᠠᠷᠲᠠᠭᠠᠷᠠᠢ !
                 17 ᠪ ᠥᠷᠯᠥᠭᠡ

      《 ᠷ · ᠴᠣᠶ᠋ᠢᠨᠣᠮ ᠦ᠋ᠨ  ᠰᠢᠯᠦᠭ  ᠵᠣᠬᠢᠶᠠᠯ ᠦ᠋ᠨ ᠬᠤᠷᠢᠶᠠᠬᠤᠢ — 》
       — ᠤᠶᠠᠩᠬ᠋᠎ᠠ ᠶ᠋ᠢᠨ  ᠰᠢᠯᠦᠭ ᠡᠴᠡ ᠬᠠᠭᠤᠯᠪᠠ ᠃
         ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
           ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

     ᠦᠰᠦᠭ ᠠᠮᠢᠯᠠᠭᠤᠯᠤᠭᠴᠢ ᠄ ᠣᠤᠠᠬᠠᠨᠰᠣ‌‍ᠠ᠋
        ᠬᠢᠨᠠᠭᠴᠢ ᠄ ᠠᠵᠠᠵᠠᠶᠠᠬ᠋᠎ᠠ