ᠳᠡᠯᠡᠬᠡᠢ ᠶᠢᠨ ᠪᠥᠮᠪᠥᠷᠴᠡᠭ ᠬᠢᠭᠡᠳ ᠨᠠᠷᠠ ᠰᠠᠷᠠДэлхийн бөмбөрцөг хийгээд нар сар ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠶᠢᠨ ᠪᠥᠮᠪᠥᠷᠴᠡᠭ ᠬᠢᠭᠡᠳ ᠨᠠᠷᠠ ᠰᠠᠷᠠДэлхийн бөмбөрцөг хийгээд нар сар

ᠳᠡᠯᠡᠬᠡᠢ ᠶᠢᠨ ᠪᠥᠮᠪᠥᠷᠴᠡᠭ ᠬᠢᠭᠡᠳ ᠨᠠᠷᠠ ᠰᠠᠷᠠДэлхийн бөмбөрцөг хийгээд нар сар

2023-03-19

290

ᠳᠡᠯᠡᠬᠡᠢ ᠶᠢᠨ ᠪᠥᠮᠪᠥᠷᠴᠡᠭ ᠬᠢᠭᠡᠳ ᠨᠠᠷᠠ ᠰᠠᠷᠠ

     ᠪᠢᠳᠡᠨ ‍ᠦ ᠠᠮᠢᠳᠤᠷᠠᠨ ᠰᠠᠭᠤᠵᠤ ᠪᠠᠶ᠋ᠢᠭ᠎ᠠ ᠭᠠᠵᠠᠷ ᠳᠡᠯᠡᠬᠡᠢ ‍ᠶ᠋ᠢ ᠳᠡᠯᠡᠬᠡᠢ ‍ᠶ᠋ᠢᠨ ᠪᠥᠮᠪᠥᠷᠴᠡᠭ ᠭᠡᠳᠡᠭ ᠃ ᠪᠢᠳᠡ ᠳᠡᠯᠡᠬᠡᠢ ‍ᠶ᠋ᠢᠨ ᠪᠥᠮᠪᠥᠷᠴᠡᠭ ᠎ᠡᠴᠡ ᠨᠠᠷᠠ ‍ᠶ᠋ᠢ  ᠬᠠᠷᠠᠬᠤ ‍ᠳᠤ ᠭᠠᠤᠯᠢᠨ ᠭᠠᠳᠤᠷ᠎ᠠ ‍ᠶ᠋ᠢᠨ ᠴᠢᠨᠡᠭᠡᠨ ᠪᠠᠶ᠋ᠢᠳᠠᠭ ᠪᠣᠯᠪᠠᠴᠤ ᠦᠨᠡᠨ ‍ᠳᠦ ᠎ᠪᠡᠨ ᠨᠠᠷᠠ ᠳᠡᠯᠡᠬᠡᠢ ‍ᠶ᠋ᠢᠨ ᠪᠥᠮᠪᠥᠷᠴᠡᠭ ᠎ᠡᠴᠡ ᠬᠣᠯᠠ ᠲᠣᠮᠣ ᠶᠤᠮ ᠃ ᠬᠡᠷᠪᠡ ᠪᠢᠳᠡ ᠨᠠᠷᠠ ‍ᠶ᠋ᠢ ᠲᠣᠮᠣ ᠲᠠᠷᠪᠤᠰ ‍ᠤᠨ ᠴᠢᠨᠡᠭᠡ ᠭᠡᠵᠦ ᠪᠣᠳᠣᠪᠠᠯ ᠳᠡᠯᠡᠬᠡᠢ ‍ᠶ᠋ᠢᠨ ᠪᠥᠮᠪᠥᠷᠴᠡᠭ ᠨᠣᠭᠣᠭᠠᠨ ᠪᠤᠷᠴᠠᠭ ‍ᠤᠨ ᠴᠢᠨᠡᠭᠡ ᠯᠡ ᠶᠤᠮ ᠃ ᠰᠠᠷᠠ ᠳᠡᠯᠡᠬᠡᠢ ‍ᠶ᠋ᠢᠨ ᠪᠥᠮᠪᠥᠷᠴᠡᠭ ᠎ᠡᠴᠡ ᠪᠠᠰᠠ ᠪᠠᠭ᠎ᠠ ᠶᠤᠮ ᠃ ᠲᠡᠷᠡ ᠨᠢ ᠳᠡᠯᠡᠬᠡᠢ ‍ᠶ᠋ᠢᠨ ᠪᠥᠮᠪᠥᠷᠴᠡᠭ ‍ᠢ ᠲᠣᠭᠣᠷᠢᠨ ᠡᠷᠭᠢᠵᠦ ᠪᠠᠶ᠋ᠢᠳᠠᠭ ᠃ ᠳᠡᠯᠡᠬᠡᠢ ‍ᠶ᠋ᠢᠨ ᠪᠥᠮᠪᠥᠷᠴᠡᠭ ᠨᠠᠷᠠ ‍ᠶ᠋ᠢ ᠲᠣᠭᠣᠷᠢᠨ ᠡᠷᠭᠢᠳᠡᠭ ᠃