ᠮᠢᠨᠦ ᠮᠣᠩᠭᠣᠯ ᠬᠡᠯᠡ- ᠪᠠᠶᠠᠨᠪᠤᠯᠠᠭМиний монгол хэл-баянбулаг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠬᠡᠯᠡ- ᠪᠠᠶᠠᠨᠪᠤᠯᠠᠭМиний монгол хэл-баянбулаг

ᠮᠢᠨᠦ ᠮᠣᠩᠭᠣᠯ ᠬᠡᠯᠡ- ᠪᠠᠶᠠᠨᠪᠤᠯᠠᠭМиний монгол хэл-баянбулаг

2023-03-19

413

ᠮᠢᠨᠦ ᠮᠣᠩᠭᠣᠯ ᠬᠡᠯᠡ

      ᠪᠠᠶᠠᠨᠪᠤᠯᠠᠭ

ᠮᠢᠨᠦ ᠮᠣᠩᠭᠣᠯ ᠬᠡᠯᠡ
ᠨᠠᠢ᠍ᠮᠠᠨ ᠵᠠᠭᠤᠨ ᠠ᠋ᠴᠠ ᠡᠰᠢ ᠎ᠲᠡᠢ ᠬᠡᠯᠡ
ᠨᠠᠷᠠᠨ ᠰᠠᠷᠠᠨ ‍ᠤ ᠭᠢᠯᠪᠠᠬ᠋᠎ᠠ ᠎ᠲᠠᠢ ᠬᠡᠯᠡ
ᠨᠠᠰᠤᠨ ᠲᠤᠷᠰᠢ ᠮᠠᠷᠲᠠᠬᠤ ᠦᠭᠡᠢ ᠬᠡᠯᠡ
ᠨᠠᠷᠠᠰᠤ ᠮᠠᠶ᠋ᠢᠯᠠᠰᠤ ‍ᠶ᠋ᠢᠨ ᠴᠢᠨᠠᠷ ᠎ᠲᠠᠢ ᠬᠡᠯᠡ
ᠬᠡᠯᠡᠬᠦ ‍ᠲᠦ ᠢᠷᠠᠭᠤ ᠡᠭᠡᠰᠢᠭᠯᠢᠭ
ᠬᠡᠷᠡᠭᠯᠡᠬᠦ ‍ᠲᠦ ᠢᠯᠭᠤᠮ ᠬᠥᠭᠵᠢᠮᠯᠢᠭ
ᠬᠡᠵᠢᠶ᠎ᠡ ᠴᠤ᠌ ᠤᠶᠠᠬᠠᠨ ᠰᠤᠨᠣᠰᠬᠤᠯᠠᠩ
ᠬᠡᠯᠡ ᠬᠡᠯᠡᠨ ᠎ᠡᠴᠡ ᠤᠷᠤᠰᠤᠮ᠎ᠠ ᠤᠶᠠᠩᠭᠠᠯᠢᠬ
ᠮᠢᠨᠦ ᠮᠣᠩᠭᠣᠯ ᠬᠡᠯᠡ
ᠮᠣᠷᠢᠨ ᠳᠡᠯ ‍ᠢᠶ᠋ᠡᠨ ᠰᠢᠭ᠌ ᠬᠡᠶ᠋ᠢᠮᠣᠷᠢᠯᠢᠭ ᠬᠡᠯᠡ
ᠮᠣᠩᠭᠣᠯ ᠲᠦᠮᠡᠨ ‍ᠢᠶ᠋ᠡᠨ ᠰᠢᠭ᠌ ᠲᠡᠭᠷᠢᠯᠢᠭ ᠬᠡᠯᠡ
ᠮᠥᠷᠡᠨ ᠭᠣᠣᠯ ‍ᠢᠶ᠋ᠡᠨ ᠰᠢᠬ ᠲᠤᠩᠭᠠᠯᠠᠭ ᠬᠡᠯᠡ
ᠮᠣᠩᠭᠣᠯ ᠨᠤᠲᠤᠭ ‍ᠢᠶ᠋ᠠᠨ ᠰᠢᠬ ᠠᠭᠤᠵᠢᠮᠯᠢᠬ ᠬᠡᠯᠡ
ᠬᠡᠯᠡᠬᠦ ‍ᠲᠦ ᠢᠷᠠᠭᠤ ᠡᠭᠡᠰᠢᠭᠯᠢᠭ
ᠬᠡᠷᠡᠭᠯᠡᠬᠦ ‍ ᠳᠤ ᠢᠯᠭᠤᠮ ᠬᠥᠭᠵᠢᠮᠯᠢᠭ
ᠬᠡᠵᠢᠶ᠎ᠡ ᠴᠤ᠌ ᠤᠶᠠᠬᠠᠨ ᠰᠣᠨᠣᠰᠬᠣᠯᠠᠩ
ᠬᠡᠯᠡ ᠬᠡᠯᠡᠨ ᠎ᠡᠴᠡ ᠤᠷᠤᠰᠤᠮ᠎ᠠ ᠤᠶᠠᠩᠭᠠᠯᠢᠬ
ᠮᠢᠨᠦ ᠮᠣᠩᠭᠣᠯ ᠬᠡᠯᠡ
ᠪᠢᠴᠢᠭ᠌ᠯᠡᠵᠦ ᠵᠢᠷᠤᠭᠯᠠᠬᠤ ‍ᠳᠤ ᠬᠤᠷᠲᠤᠨ ᠬᠡᠯᠡ
ᠪᠢᠲᠤᠷᠶᠠᠨ ᠣᠭᠲᠠᠷᠭᠤᠢ ‍ᠶ᠋ᠢᠨ ᠡᠷᠲᠡᠨᠢ ‍ᠶ᠋ᠢᠨ ᠬᠡᠯᠡ
ᠪᠦᠲᠦᠨ ᠬᠣᠷᠤ᠎ᠡ ‍ᠶ᠋ᠢᠨ ᠴᠡᠪᠡᠷ ᠬᠡᠯᠡ
ᠪᠦᠮᠪᠦᠷᠴᠡᠭ ‍ᠦᠨ ᠭᠠᠭᠴᠠ ᠵᠣᠭᠰᠣᠬ᠋᠎ᠠ ᠬᠡᠯᠡ
ᠬᠡᠯᠡᠬᠦ ‍ ᠳᠤ ᠢᠷᠠᠭᠤ ᠡᠭᠡᠰᠢᠭᠯᠢᠭ
ᠬᠡᠷᠡᠭᠯᠡᠬᠦ ‍ ᠳᠤ ᠢᠯᠭᠤᠮ ᠬᠥᠭᠵᠢᠮᠯᠢᠭ
ᠬᠡᠵᠢᠶ᠎ᠡ ᠴᠦ᠍ ᠤᠶᠠᠬᠠᠨ ᠰᠣᠨᠣᠰᠬᠣᠯᠠᠩ
ᠬᠡᠯᠡ ᠬᠡᠯᠡᠨ ᠎ᠡᠴᠡ ᠤᠷᠤᠰᠤᠮ᠎ᠠ ᠤᠶᠠᠩᠭᠠᠯᠢᠬ
ᠮᠢᠨᠦ ᠮᠣᠩᠭᠣᠯ ᠬᠡᠯᠡ
ᠪᠣᠷᠬᠠᠨ ᠬᠠᠯᠲᠤᠨ ‍ᠳᠤ ᠪᠦᠲᠤᠭᠡᠯᠭᠡ ᠎ᠲᠡᠢ  ᠬᠡᠯᠡ
ᠪᠣᠭᠲᠠ ᠴᠢᠩᠭᠢᠰ ‍ᠦᠨ ᠵᠠᠰᠠᠭ ‍ᠤᠨ ᠬᠡᠯᠡ
ᠪᠣᠶᠠᠨᠲᠦ ᠮᠣᠩᠭᠣᠯ ‍ᠤᠨ ᠲᠦᠷᠦᠯᠬᠢ ᠬᠡᠯᠡ
ᠪᠣᠯᠣᠷ ᠰᠣᠶᠣᠯ ‍ ‍ᠤᠨ ᠮᠣᠩᠭᠣᠯ ᠬᠡᠯᠡ
ᠬᠡᠯᠡᠬᠦ ‍ ᠳᠤ ᠢᠷᠠᠭᠤ ᠡᠭᠡᠰᠢᠭᠯᠢᠭ
ᠬᠡᠷᠡᠭᠯᠡᠬᠦ ‍ ᠳᠤ ᠢᠯᠭᠤᠮ ᠬᠥᠭᠵᠢᠮᠯᠢᠭ
ᠬᠡᠵᠢᠶ᠎ᠡ ᠴᠤ᠌ ᠤᠶᠠᠬᠠᠨ ᠰᠣᠨᠣᠰᠬᠣᠯᠠᠩ
ᠬᠡᠯᠡ ᠬᠡᠯᠡᠨ ᠎ᠡᠴᠡ ᠤᠷᠤᠰᠤᠮ᠎ᠠ ᠤᠶᠠᠩᠭᠠᠯᠢᠬ
ᠮᠢᠨᠦ ᠮᠣᠩᠭᠣᠯ ᠬᠡᠯᠡ
ᠲᠡᠦᠬᠡ ‍ᠶ᠋ᠢᠨ ᠬᠠᠭᠤᠲᠠᠰᠤᠨ ‍ᠲᠤ ᠲᠦᠷᠦ ‍ᠶ᠋ᠢᠨ ᠬᠡᠯᠡ
ᠲᠡᠭᠷᠢ ᠲᠤᠯᠤᠭᠰᠠᠨ ᠪᠣᠰᠤᠬ᠋᠎ᠠ ᠬᠡᠯᠡ
ᠲᠢᠪ ᠳᠡᠯᠡᠬᠡᠢ ‍ᠲᠦ ᠲᠡᠷᠢᠭᠦᠨ ᠬᠡᠯᠡ
ᠲᠦᠮᠡᠨ ᠣᠨ ‍ᠲᠤ ᠴᠤ᠌ ᠮᠠᠷᠲᠠᠬᠤ ᠦᠭᠡᠢ ᠬᠡᠯᠡ
ᠬᠡᠯᠡᠬᠦ ‍ᠲᠦ ᠢᠷᠠᠭᠤ ᠡᠭᠡᠰᠢᠭᠯᠢᠭ
ᠬᠡᠷᠡᠭᠯᠡᠬᠦ ‍ᠲᠦ ᠢᠯᠭᠤᠮ ᠬᠥᠭᠵᠢᠮᠯᠢᠭ
ᠬᠡᠵᠢᠶ᠎ᠡ ᠴᠤ᠌ ᠤᠶᠠᠬᠠᠨ ᠰᠣᠨᠣᠰᠬᠣᠯᠠᠩ
ᠬᠡᠯᠡ ᠬᠡᠯᠡᠨ ᠎ᠡᠴᠡ ᠤᠷᠤᠰᠤᠮ᠎ᠠ ᠤᠶᠠᠩᠭᠠᠯᠢᠬ
ᠮᠢᠨᠦ ᠮᠣᠩᠭᠣᠯ ᠬᠡᠯᠡ ᠡ !


      2014  . 4
 ᠳᠤ
ᠢᠷᠡᠯᠲᠡ ᠄   — ᠪᠠᠶᠠᠨᠪᠣᠯᠠᠭ 
  
ᠪᠠᠭᠰᠢ ‍ᠶ᠋ᠢᠨ  ᠰᠢᠯᠦᠭ  ᠡᠴᠡ
  
   ᠦᠰᠦᠭ ᠠᠮᠢᠯᠠᠭᠤᠯᠤᠭᠴᠢ ᠄ ᠡᠷᠲᠡᠨᠢᠬᠦᠦ
   ᠬᠢᠨᠠᠭᠴᠢ ᠄ ᠣᠤᠠᠬᠠᠨᠰᠣ‌‍ᠠ᠋