《3.8 》ᠪᠣᠯᠬᠤ ᠳ᠋ᠤ᠌ ᠮᠣᠩᠭᠣᠯ ᠪᠦᠰᠡᠭᠦᠢ ᠶᠢ ᠲᠡᠮᠲᠡᠭᠯᠡᠪᠡᠢ- ᠰ · ᠮᠣᠯᠤᠷᠡᠷᠲᠡᠨᠢ“3.8 ”болоход монгол бүсгүйг тэмдэглэвэй-с · мулрөрдни
《3.8 》ᠪᠣᠯᠬᠤ ᠳᠤ ᠮᠣᠩᠭᠣᠯ ᠪᠦᠰᠡᠭᠦᠢ ᠶᠢ ᠲᠡᠮᠲᠡᠭᠯᠡᠪᠡᠢ
ᠵᠣᠬᠢᠶᠠᠭᠴᠢ ᠄ ᠰ · ᠮᠣᠯᠤᠷᠡᠷᠲᠡᠨᠢ
ᠤᠶᠠᠩᠭᠠᠯᠠᠭᠴᠢ ᠄ ᠰᠡᠴᠡᠨ
ᠪᠦᠯᠬᠦᠮᠳᠡᠯ ᠨᠣᠮᠯᠠᠭᠰᠠᠨ ᠠᠯᠤᠨ ᠭᠤᠸ᠎ᠠ ᠡᠬᠡ ᠶ᠋ᠢᠨ
ᠪᠦᠲᠦᠨ ᠲᠡᠭᠦᠯᠳᠡᠷ ᠶᠣᠰᠣ ᠰᠤᠷᠭᠠᠯ ᠲᠠᠢ
ᠪᠦᠷᠦᠩᠬᠦᠢ ᠶ᠋ᠢ ᠭᠡᠢᠭᠦᠯᠬᠦ ᠪᠢᠯᠢᠭ ᠭᠡᠷᠡᠯᠲᠦ
ᠥᠭᠡᠯᠦᠨ ᠦᠵᠢᠨ ᠦ᠌ ᠳᠦᠷᠢᠮ ᠶᠣᠰᠣ ᠲᠠᠢ
ᠪᠦᠭᠦᠳᠡ ᠶ᠋ᠢᠨ ᠳᠤᠮᠳᠠ ᠪᠠᠨ ᠮᠠᠩᠯᠠᠢ ᠪᠣᠯᠤᠭᠰᠠᠨ
ᠪᠥᠷᠲᠡ ᠥᠵᠢᠨ ᠦ᠌ ᠣᠶᠤᠨ ᠲᠠᠮᠢᠷ ᠲᠠᠢ
ᠪᠦᠳᠦᠷᠢᠯ ᠬᠠᠭᠠᠴᠠᠯ ᠢ᠋ ᠬᠤᠮᠢᠨ ᠪᠠᠲᠤᠯᠠᠭᠰᠠᠨ
ᠥᠷᠯᠥᠭ ᠬᠠᠲᠤᠨ ᠮᠠᠨᠳᠤᠬᠠᠢ ᠰᠡᠴᠡᠨ ᠲᠡᠢ
ᠰᠠᠪᠠ ᠶᠢᠷᠲᠢᠨᠴᠦ ᠶ᠋ᠢᠨ ᠭᠡᠷ ᠲᠥᠷᠥ ᠳ᠋ᠦ᠍
ᠮᠣᠩᠭᠣᠯ ᠪᠦᠰᠡᠭᠦᠢ ᠰᠠᠢᠨ ᠭᠡᠵᠦ ᠰᠢᠯᠦᠭᠯᠡᠨᠡᠮ
ᠰᠠᠢᠨ ᠡᠬᠡᠨᠡᠷ ᠠᠮᠢᠳᠤᠷᠠᠯ ᠤ᠋ᠨ ᠴᠢᠮᠡᠭ
ᠰᠠᠢᠬᠠᠨ ᠥᠬᠢᠨ ᠦᠶᠡᠴᠦᠦᠯ ᠦ᠋ᠨ ᠴᠢᠮᠡᠭ
ᠰᠠᠢᠨ ᠲᠦᠰᠢᠮᠡᠯ ᠲᠥᠷᠥ ᠶ᠋ᠢᠨ ᠴᠢᠮᠡᠭ
ᠰᠠᠷᠭᠠᠢ ᠴᠡᠴᠡᠭ ᠲᠠᠯ᠎ᠠ ᠶ᠋ᠢᠨ ᠢ᠋ᠶ᠋ᠡᠨ ᠴᠢᠮᠡᠭ
ᠰᠠᠷᠠᠨ ᠨᠠᠷᠠᠨ ᠣᠭᠲᠠᠷᠭᠤᠢ ᠶ᠋ᠢᠨ ᠴᠢᠮᠡᠭ
ᠰᠠᠶ᠎ᠠ ᠣᠳᠣᠨ ᠲᠩᠷᠢ ᠶ᠋ᠢᠨ ᠢ᠋ᠶ᠋ᠡᠨ ᠴᠢᠮᠡᠭ
ᠨᠠᠭᠠᠳᠤᠮ ᠨᠠᠷᠭᠢᠶ᠎ᠠ ᠳ᠋ᠤ᠌ ᠪᠥᠬᠡ ᠮᠣᠷᠢ ᠴᠢᠮᠡᠭ
ᠨᠠᠢᠷ ᠨᠠᠭᠠᠳᠤᠮ ᠳ᠋ᠤ᠌ ᠬᠡᠯᠡᠮᠦᠷᠴᠢ ᠳᠠᠭᠤᠴᠢᠨ ᠴᠢᠮᠡᠭ
ᠡᠨᠡ ᠪᠡᠶ᠎ᠡ ᠳ᠋ᠦ᠍ ᠬᠥᠮᠦᠨ ᠴᠢᠨᠠᠷ ᠴᠢᠮᠡᠭ
ᠡᠩ ᠳᠡᠯᠡᠬᠡᠢ ᠳ᠋ᠦ᠍ ᠡᠷᠳᠡᠮ ᠨᠣᠮ ᠴᠢᠮᠡᠭ
ᠡᠬᠡ ᠬᠡᠯᠡ ᠪᠡᠨ ᠬᠡᠷᠡᠭᠯᠡᠬᠦ ᠮᠣᠩᠭᠣᠯ ᠤ᠋ᠨ ᠴᠢᠮᠡᠭ
ᠡᠷᠡᠭᠦᠯ ᠤᠬᠠᠭᠠᠨ ᠣᠷᠣᠢ ᠶ᠋ᠢᠨ ᠴᠢᠮᠡᠭ
ᠴᠢᠮᠡᠭ ᠪᠦᠬᠦᠨ ᠳ᠋ᠦ᠍ ᠬᠦᠷᠭᠡᠨ ᠴᠢᠳᠠᠬᠤ
ᠴᠡᠴᠡᠨ ᠪᠦᠰᠡᠭᠦᠢ ᠬᠠᠮᠢᠭ᠎ᠠ ᠪᠠᠢᠨ᠎ᠠ
ᠴᠡᠩᠬᠡᠷ ᠲᠩᠷᠢ ᠰᠢᠲᠦᠳᠡᠭ ᠮᠣᠩᠭᠣᠯ ᠳ᠋ᠤ᠌ ᠪᠣᠢ
ᠮᠣᠩᠭᠣᠯ ᠢ᠋ᠶ᠋ᠠᠷ ᠢ᠋ᠶ᠋ᠠᠨ ᠪᠠᠬᠠᠷᠬᠠᠳᠠᠭ
ᠮᠣᠩᠭᠣᠯ ᠪᠦᠰᠡᠭᠦᠢ ᠶ᠋ᠢᠨ ᠤᠬᠠᠭᠠᠨ ᠳ᠋ᠤ᠌ ᠪᠣᠢ
ᠮᠣᠩᠭᠣᠯ ᠪᠦᠰᠡᠭᠦᠢ ᠶ᠋ᠢᠨ ᠦᠢᠯᠡ ᠳ᠋ᠦ᠍ ᠪᠣᠢ
ᠮᠣᠩᠭᠣᠯ ᠪᠦᠰᠡᠭᠦᠢ ᠲᠡᠭᠷᠢᠯᠢᠭ ᠬᠠᠷᠠᠴᠠ ᠲᠠᠢ
ᠮᠣᠩᠭᠣᠯ ᠪᠦᠰᠡᠭᠦᠢ ᠳᠡᠯᠡᠬᠡᠢ ᠰᠢᠭ ᠪᠠᠭᠲᠠᠭᠠᠮᠵᠢ ᠪᠣᠢ
ᠦᠰᠦᠭ ᠠᠮᠢᠯᠠᠭᠤᠯᠤᠭᠴᠢ ᠄ ᠰᠡᠬᠡᠭᠡᠷᠡᠯ
ᠦᠰᠦᠭ ᠬᠠᠲᠠᠭᠴᠢ᠄ ᠭᠠᠸᠠ
ᠬᠢᠨᠠᠭᠴᠢ ᠄ ᠭᠠᠷᠮ᠎ᠠ
