ᠦᠦᠷ ᠶ᠋ᠢᠡᠷ ᠪᠢᠴᠢᠭᠰᠡᠨ ᠰᠢᠯᠦᠭ — ᠷ · ᠴᠣᠢᠨᠣᠮ Үүрээр бичсэн шүлэг — Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠦᠷ ᠶ᠋ᠢᠡᠷ ᠪᠢᠴᠢᠭᠰᠡᠨ ᠰᠢᠯᠦᠭ — ᠷ · ᠴᠣᠢᠨᠣᠮ Үүрээр бичсэн шүлэг — Р · Чойном

ᠦᠦᠷ ᠶ᠋ᠢᠡᠷ ᠪᠢᠴᠢᠭᠰᠡᠨ ᠰᠢᠯᠦᠭ — ᠷ · ᠴᠣᠢᠨᠣᠮ Үүрээр бичсэн шүлэг — Р · Чойном

2023-03-19

644

ᠦᠦᠷ ᠶ᠋ᠢᠡᠷ ᠪᠢᠴᠢᠭᠰᠡᠨ ᠰᠢᠯᠦᠭ


ᠦᠦᠷ ᠶ᠋ᠢᠡᠷ ᠂ ᠮᠢᠨᠦ ᠬᠣᠰᠢᠭᠤ
ᠦᠨᠦᠰᠦᠯᠲᠡ  ᠳᠤ ᠴᠤᠴᠠᠬ᠋᠎ᠠ ᠶᠤᠮ ‍ᠤᠤ ᠂
ᠦᠵᠦᠭ ᠪᠡᠬᠡ ᠬᠣᠶᠠᠷ ᠮᠢᠨᠢ
ᠦᠷᠭᠡᠯᠡᠨ ᠨᠣᠵᠣᠭᠣᠷᠠᠬ᠋᠎ᠠ ᠶᠤᠮ ‍ᠤᠤ ᠃

ᠠᠷᠠᠳ ᠰᠢᠯᠦᠭᠴᠢ ᠶ᠋ᠢᠨ ᠵᠢᠷᠦᠬᠡ
ᠠᠮᠠᠷᠠᠭ ᠦ᠋ᠨ ᠡᠪᠦᠷ ᠲᠤ ᠦᠯᠡᠲᠡᠭᠡ ‍ᠤᠤ ᠂
ᠠᠷᠲᠠᠭ ᠣᠩᠭᠣᠨ ᠦᠭᠡᠰ ᠨᠢ
ᠠᠶ᠋ᠢᠯ ᠦ᠋ᠨ ᠭᠡᠷ ᠲᠤ ᠬᠣᠴᠣᠷᠤᠬ᠋᠎ᠠ ‍ᠦᠦ ᠃

ᠬᠡᠯᠬᠢᠶ᠎ᠡ ᠭᠡᠰᠡᠨ  ᠰᠢᠯᠦᠭ
ᠬᠡᠴᠡᠭᠦᠦ ᠴᠦ᠍ ᠪᠣᠯᠤᠭᠰᠠᠨ ᠪᠠᠶ᠋ᠢᠬᠤ  ᠰᠢᠭ᠋
ᠬᠡᠯᠡᠶ᠎ᠡ ᠭᠡᠰᠡᠨ ᠦᠭᠡ
ᠬᠡᠷᠡᠭ ᠦᠭᠡᠢ ᠴᠤ᠌ ᠪᠣᠯᠤᠭᠰᠠᠨ ᠪᠠᠶ᠋ᠢᠬᠤ  ᠰᠢᠭ᠋ ᠃

ᠤᠷᠲᠤ ᠬᠣᠶ᠋ᠢᠲᠤ ᠠᠶ᠋ᠢᠯ ᠦ᠋ᠳ ᠦ᠋ᠨ
ᠤᠷᠲᠤ ᠬᠣᠰᠢᠭᠤᠲᠤ ᠨᠤᠭᠤᠳ ᠪᠠᠶ᠋ᠢᠲᠤᠭᠠᠢ
ᠤᠯᠢᠨ ᠬᠤᠴᠠᠲᠠᠭ ᠨᠣᠬᠠᠢ ᠬᠦᠷᠲᠡᠯ᠎ᠡ
ᠤᠨᠲᠠᠵᠤ ᠪᠠᠶ᠋ᠢᠲᠠᠭ ᠴᠠᠭ ᠶ᠋ᠢᠠᠷ

ᠬᠠᠶ᠋ᠢᠷᠠᠲᠠᠢ ᠮᠢᠨᠦ ᠠᠮᠠᠷᠠᠭ ᠪᠦᠰᠡᠭᠦᠢ
ᠬᠠᠷᠠᠩᠭᠤᠢ ᠲᠩᠷᠢ ᠵᠡᠭᠦᠨ ᠬᠣᠶ᠋ᠢᠲᠤ ᠳᠡᠭᠡᠪᠦᠷ ᠊ᠢ
ᠬᠠᠤᠠᠬᠤᠵᠤ ᠴᠣᠭᠣᠯᠤᠭᠰᠠᠨ ᠴᠣᠯᠮᠣᠨ ᠣᠲᠣ
ᠪᠢᠲᠡ ᠭᠤᠷᠪᠠ ᠯᠠ ᠤᠨᠲᠠᠬ᠋᠎ᠠ ᠦᠭᠡᠢ ᠪᠠᠶ᠋ᠢᠪᠠ
ᠪᠡᠶ᠎ᠡ ᠪᠡᠶ᠎ᠡ ᠪᠡᠨ ᠭᠡᠷᠡᠴᠢᠯᠡᠨ ᠦᠯᠡᠲᠡᠪᠡ ᠃

ᠲᠡᠨᠲᠡ ᠡᠨᠲᠡ ᠶᠠᠭᠤ ᠴᠤ᠌  ᠬᠡᠯᠴᠡᠭᠰᠡᠨ
ᠲᠩᠷᠢ ᠶ᠋ᠢᠨ ᠴᠣᠯᠮᠣᠨ ᠬᠡᠨ  ᠳᠤ ᠴᠤ᠌ ᠬᠡᠯᠡᠬᠦ ᠦᠭᠡᠢ
ᠠᠮᠠ ᠬᠠᠯᠠᠭᠠᠳ ᠶᠠᠭᠠᠬᠢᠵᠤ ᠴᠤ᠌ ᠬᠠᠭᠤᠴᠢᠯᠠᠭᠰᠠᠨ
ᠠᠮᠠᠷᠠᠭ ᠪᠦᠰᠡᠭᠦᠢ ᠮᠢᠨᠢ ᠬᠥᠮᠦᠨ  ᠳᠤ ᠶᠠᠷᠢᠬᠤ ᠦᠭᠡᠢ

ᠬᠠᠷᠢᠨ ᠪᠢ ᠯᠠ  ᠰᠢᠯᠦᠭ ᠲᠡᠭᠡᠨ ᠬᠡᠯᠡᠨ᠎ᠡ
ᠬᠠᠶ᠋ᠢᠷᠠᠲᠤ ᠨᠠᠶ᠋ᠢᠵᠠ ᠨᠤᠭᠤᠳ ᠲᠠᠭᠠᠨ ᠤᠩᠰᠢᠵᠤ ᠥᠭᠭᠦᠨ᠎ᠡ
ᠨᠥᠭᠥᠭᠡᠲᠦᠷ ᠨᠢ ᠪᠣᠯᠬᠤ  ᠳᠤ ᠨᠢᠭᠤᠴᠠ ᠵᠠᠲᠠᠷᠠᠵᠤ
ᠨᠥᠬᠥᠷ ᠳᠠᠶ᠋ᠢᠰᠤᠨ ᠬᠣᠶᠠᠷ ᠢᠯᠭᠠᠭᠲᠠᠬᠤ ᠪᠠᠨ ᠪᠣᠯᠢᠨ᠎ᠠ ᠃
 
ᠶᠠᠭᠠᠬᠢᠬᠤ ᠪᠤᠢ  !  ᠲᠠᠬᠢᠯ᠎ᠠ ᠭᠡᠳ ᠪᠢᠲᠡᠨ ᠪ
ᠶᠠᠰᠤ ᠮᠢᠬᠠᠨ ᠠ᠋ᠴᠠ ᠬᠣᠷᠣᠬᠤ ᠪᠢᠰᠢ
ᠬᠠᠲᠠᠨ ᠳᠡᠯᠡᠬᠡᠢ  ᠳᠤ ᠪᠢᠲᠡᠨ ᠬᠣᠶᠠᠷ 
ᠬᠠᠶ᠋ᠢᠷᠠᠯᠠᠭᠰᠠᠨ ᠬᠠᠶ᠋ᠢᠷ᠎ᠠ ᠪᠠᠷ ᠶ᠋ᠢᠠᠨ ᠪᠠᠬᠠᠷᠬᠠᠨ᠎ᠠ ᠃

ᠬᠣᠩᠭᠣᠷ ᠪᠦᠰᠡᠭᠦᠢ ᠶ᠋ᠢᠨ ᠳᠡᠭᠡᠷ᠎ᠡ ᠡᠴᠡ
ᠡᠭᠦᠯᠡ ᠮᠠᠨᠠᠨ ᠰᠢᠭ᠋ ᠨᠥᠮᠥᠷᠴᠦ
ᠬᠣᠷᠢᠨ ᠨᠢᠭᠡᠲᠦᠭᠡᠷ ᠵᠠᠭᠤᠨ ᠶ᠋ᠢᠠᠷ
ᠥᠷᠢᠯ ᠦ᠋ᠨ ᠪᠥᠮᠪᠥᠭᠡ ᠰᠠᠴᠤᠭᠰᠠᠨ

ᠬᠠᠯᠬ᠎ᠠ ᠶ᠋ᠢᠨ  ᠰᠢᠯᠦᠭᠴᠢ ᠮᠢᠬᠠᠨ ᠪᠣᠲᠠ
ᠬᠠᠲᠠᠭᠤ ᠵᠥᠭᠡᠯᠡᠨ ᠶᠡᠬᠡ ᠶ᠋ᠢ ᠦᠵᠡᠭᠰᠡᠨ
ᠬᠠᠩᠭᠠᠢ ᠂ ᠭᠣᠪᠢ ᠂ ᠬᠥᠮᠦᠨ ᠪ ᠂ ᠥᠪᠡᠷ ᠦ᠋ᠨ  ᠳᠤ
ᠬᠠᠶ᠋ᠢᠷ᠎ᠠ ᠠ᠋ᠴᠠ ᠪᠤᠰᠤᠳ ᠊ᠢ ᠨᠢ ᠲᠠᠶ᠋ᠢᠯᠵᠤ  ᠦᠵᠡᠭᠰᠡᠨ ᠃

ᠨᠠᠮᠤᠷ ᠦ᠋ᠨ ᠬᠠᠷᠠᠴᠠ ᠰᠢᠭ᠋ ᠮᠠᠯ ᠦ᠋ᠨ ᠬᠠᠷᠠᠴᠠ ᠲᠠᠢ
ᠨᠠᠭᠠᠯᠢᠩᠬᠠᠢ ᠠᠮᠠᠷᠠᠭ ᠶ᠋ᠢᠠᠨ ᠬᠣᠵᠢᠮ ᠪᠢ
ᠮᠣᠩᠭᠣᠯ  ᠰᠢᠯᠦᠭ ᠶ᠋ᠢᠡᠷ ᠵᠠᠯᠠᠭᠤ ᠬᠡᠪ ᠶ᠋ᠢᠡᠷ ᠨᠢ
ᠮᠣᠷᠢᠲᠠᠨ ᠠᠷᠠᠳ ᠲᠠᠭᠠᠨ ᠦᠯᠡᠲᠡᠭᠡᠨ᠎ᠡ !
              1974 .7.3

        《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ —  》
            — ᠤᠶᠠᠩᠭ᠎ᠠ ‍ᠶ᠋ᠢᠨ ᠰᠢᠯᠦᠭ  ᠠ᠋ᠴᠠ ᠬᠠᠭᠤᠯᠪᠠ ᠃
             ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
              ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ 

        ᠦᠰᠦᠭ  ᠠᠮᠢᠯᠠᠭᠤᠯᠤᠭᠴᠢ ᠄ ᠴᠣᠭᠵᠢᠷᠭᠠᠯ 
             ᠬᠢᠨᠠᠭᠴᠢ ᠄  ᠣᠳᠬᠠᠨᠰᠣ᠎ᠠ