ᠬᠦᠰᠡᠯᠡᠩ – - ᠷᠠᠳᠨᠠᠪᠠᠽᠠᠷ Хүслэн - Раднаабазар
ᠬᠦᠰᠡᠯᠡᠩ
ᠷᠠᠤᠠᠨᠠᠪᠠᠽᠠᠷ
1
ᠬᠥᠮᠦᠨ ᠯᠠ ᠭᠡᠵᠦ ᠲᠥᠷᠥᠭᠰᠡᠨ ᠶ᠋ᠢᠡᠷ ᠶ᠋ᠢᠡᠨ
ᠬᠥᠮᠦᠨ ᠬᠦᠰᠡᠯᠡᠩ ᠶ᠋ᠢᠡᠨ ᠡᠪᠦᠷᠯᠡᠵᠦ ᠪᠠᠶ᠋ᠢᠲᠠᠭ
ᠬᠥᠮᠦᠨ ᠪ ᠰᠦᠯᠵᠢᠶᠡᠨ ᠵᠠᠢ ᠳᠤ
ᠬᠥᠮᠦᠨ ᠬᠦᠰᠡᠯᠡᠩ ᠶ᠋ᠢᠡᠨ ᠬᠥᠭᠡᠭᠡᠵᠦ ᠪᠠᠶ᠋ᠢᠲᠠᠭ ᠃
ᠬᠥᠮᠦᠨ ᠲᠡᠢ ᠮᠥᠷ ᠵᠡᠷᠭᠡᠴᠡᠨ᠎ᠡ ᠭᠡᠵᠦ
ᠬᠥᠮᠦᠨ ᠬᠣᠯᠠ ᠶ᠋ᠢ ᠵᠣᠷᠢᠲᠠᠭ
ᠬᠥᠮᠦᠨ ᠡᠴᠡ ᠠᠰᠲᠠᠭᠠᠨ ᠶᠠᠪᠤᠨ᠎ᠠ ᠭᠡᠵᠦ
ᠬᠥᠮᠦᠨ ᠬᠣᠪᠢᠨ ᠪ ᠪᠠᠨ ᠴᠢᠭᠯᠡᠳᠡᠭ
ᠬᠥᠮᠦᠨ ᠪ ᠥᠪᠡᠷ ᠦ᠋ᠨ ᠬᠦᠰᠡᠯᠡᠩ ᠭᠡᠵᠦ
ᠬᠥᠮᠦᠨ ᠳᠤ ᠨᠢᠭᠡ ᠯᠡ ᠪᠢᠰᠢ
ᠬᠥᠮᠦᠨ ᠪ ᠨᠠᠰᠤᠨ ᠪ ᠬᠦᠰᠡᠯᠡᠩ ᠭᠡᠵᠦ
ᠬᠥᠮᠦᠨ ᠳᠤ ᠲᠣᠬ᠋᠎ᠠ ᠦᠭᠡᠢ ᠪᠢᠰᠢ ᠃
ᠶᠠᠯᠢᠮ ᠦᠭᠡᠢ ᠰᠠᠨᠠᠬ᠋᠎ᠠ ᠪᠦᠬᠦᠨ ᠊ᠢ
ᠬᠦᠰᠡᠯᠡᠩ ᠨᠢ ᠮᠥᠨ ᠭᠡᠬᠦ ᠦᠭᠡᠢ
ᠶᠠᠯ᠎ᠠ ᠬᠢᠳᠡᠭ ᠶᠠᠷᠭᠠᠴᠢᠨ ᠪ ᠬᠢᠲᠡᠯ ᠊ᠢ ᠴᠤ᠌
ᠬᠦᠰᠡᠯᠡᠩ ᠨᠢ ᠪᠢᠰᠢ ᠭᠡᠬᠦ ᠦᠭᠡᠢ ᠃
ᠬᠥᠮᠦᠨ ᠬᠥᠮᠦᠨ ᠪ ᠴᠡᠭᠡᠵᠢᠨ ᠳᠤ
ᠬᠦᠰᠡᠯᠡᠩ ᠰᠣᠯᠣᠩᠭᠠᠷᠠᠨ ᠪᠣᠰᠤᠨ᠎ᠠ
ᠬᠥᠮᠦᠨ ᠬᠥᠮᠦᠨ ᠪ ᠥᠷᠥᠴᠡᠨ ᠳᠤ
ᠬᠦᠰᠡᠯᠡᠩ ᠮᠢᠷᠠᠯᠵᠠᠨ ᠳᠡᠯᠭᠡᠷᠡᠨ᠎ᠡ ᠃
2
ᠪᠡᠶ᠎ᠡ ᠪᠡᠷ ᠶ᠋ᠢᠠᠨ ᠯᠡ ᠵᠢᠤᠠᠬᠦᠵᠦ ᠪᠡᠶᠡᠯᠡᠭᠦᠯᠳᠡᠭ ᠶ᠋ᠢᠡᠨ
ᠬᠥᠮᠦᠰ ᠂ ᠥᠪᠡᠷ ᠦ᠋ᠨ ᠬᠦᠰᠡᠯᠡᠩ ᠭᠡᠳᠡᠭ
ᠪᠦᠭᠦᠲᠡᠭᠡᠷ ᠶ᠋ᠢᠡᠨ ᠴᠢᠷᠮᠠᠶ᠋ᠢᠵᠤ ᠪᠡᠶᠡᠯᠡᠭᠦᠯᠳᠡᠭ ᠶ᠋ᠢᠡᠨ
ᠬᠥᠮᠦᠰ ᠂ ᠬᠠᠮᠲᠤ ᠶ᠋ᠢᠨ ᠬᠦᠰᠡᠯᠡᠩ ᠭᠡᠳᠡᠭ ᠃
ᠤᠯᠤᠰ ᠶ᠋ᠢᠠᠷ ᠶ᠋ᠢᠠᠨ ᠨᠢᠭᠡᠤᠠᠴᠦ ᠪᠡᠶᠡᠯᠡᠭᠦᠯᠳᠡᠭ ᠶ᠋ᠢᠡᠨ
ᠤᠯᠤᠰ ᠂ ᠤᠯᠤᠰ ᠦ᠋ᠨ ᠬᠦᠰᠡᠯᠡᠩ ᠭᠡᠳᠡᠭ
ᠳᠡᠯᠡᠬᠡᠢ ᠪᠡᠷ ᠶ᠋ᠢᠡᠨ ᠬᠠᠮᠲᠤᠷᠠᠵᠤ ᠪᠡᠶᠡᠯᠡᠭᠦᠯᠳᠡᠭ ᠶ᠋ᠢᠡᠨ
ᠲᠦᠮᠡᠨ ᠂ ᠳᠡᠯᠡᠬᠡᠢ ᠶ᠋ᠢᠨ ᠬᠦᠰᠡᠯᠡᠩ ᠭᠡᠳᠡᠭ ᠃
3
ᠲᠠᠩᠰᠤᠭ ᠵᠢᠷᠭᠠᠯ ᠡᠳ᠋ᠯᠡᠭᠦᠯᠳᠡᠭ ᠨᠢ
ᠬᠥᠮᠦᠰ ᠦ᠋ᠨ ᠦᠨᠡᠨ ᠮᠥᠷᠲᠡᠯ ᠦ᠋ᠨ ᠬᠦᠰᠡᠯᠡᠩ
ᠲᠡᠭᠡᠭᠡᠷ᠎ᠡ ᠳᠠᠷᠤᠭᠠᠰᠤ ᠨᠡᠮᠡᠷᠢᠯᠡᠳᠡᠭ ᠨᠢ
ᠬᠥᠮᠦᠰ ᠦ᠋ᠨ ᠠᠮᠲᠠᠲᠤ ᠵᠡᠭᠦᠲᠦ ᠶ᠋ᠢᠨ ᠬᠢᠨᠢ ᠬᠦᠰᠡᠯᠡᠩ ᠃
ᠥᠲᠡᠯᠲᠡᠯ᠎ᠡ ᠪᠡᠨ ᠴᠢᠷᠮᠠᠶ᠋ᠢᠨ ᠵᠢᠳᠬᠦᠭᠰᠡᠨ ᠴᠤ᠌
ᠦᠵᠦᠭᠦᠷ ᠭᠠᠷᠤᠭᠰᠠᠨ ᠦᠭᠡᠢ ᠬᠦᠰᠡᠯᠡᠩ ᠪᠣᠯ
ᠥᠴᠦᠬᠡᠨ ᠬᠥᠮᠦᠨ ᠪ ᠬᠢᠷᠢ ᠪᠡᠨ ᠳᠠᠪᠠᠭᠰᠠᠨ ᠰᠠᠨᠠᠬ᠋᠎ᠠ
ᠡᠷᠬᠢᠮ ᠬᠥᠮᠦᠨ ᠪ ᠠᠯᠤᠰ ᠊ᠢ ᠵᠢᠷᠤᠭᠯᠠᠭᠰᠠᠨ ᠪᠣᠲᠣᠯᠬ᠋ᠠ ᠃
ᠦᠬᠦᠲᠡᠯ᠎ᠡ ᠪᠡᠨ ᠬᠠᠲᠠᠭᠤᠵᠢᠯᠲᠠᠢ ᠠᠵᠢᠯᠯᠠᠭᠠᠳ
ᠥᠩᠭᠡ ᠭᠡᠷᠡᠯᠲᠡᠢ ᠪᠡᠷ ᠪᠡᠶᠡᠯᠡᠭᠦᠯᠳᠡᠭ ᠬᠦᠰᠡᠯᠡᠩ ᠪᠣᠯ
ᠡᠷ᠎ᠡ ᠬᠥᠮᠦᠨ ᠪ ᠪᠠᠶᠠᠰᠬᠤᠯᠠᠩᠲᠤ ᠢᠨᠢᠶᠡᠲᠦ
ᠠᠭᠤᠤ ᠬᠥᠮᠦᠨ ᠪ ᠲᠠᠶ᠋ᠢᠪᠤᠩ ᠮᠦᠰᠢᠶᠡᠲᠦ ᠃
4
ᠠᠯᠬᠤᠵᠤ ᠶᠠᠪᠤᠬ᠋᠎ᠠ ᠬᠥᠮᠦᠨ ᠳᠤ ᠤᠨᠤᠬ᠋᠎ᠠ ᠬᠦᠰᠡᠯᠡᠩ
ᠤᠨᠤᠬ᠋᠎ᠠ ᠲᠠᠢ ᠶᠠᠪᠤᠬ᠋᠎ᠠ ᠬᠥᠮᠦᠨ ᠳᠤ ᠲᠡᠷᠭᠡ ᠬᠦᠰᠡᠯᠡᠩ
ᠴᠤᠪᠤᠬ᠋ᠠ ᠲᠡᠷᠭᠡᠨ ᠪ ᠬᠥᠮᠦᠨ ᠳᠤ ᠱᠤᠩᠭᠤᠯ ᠨᠢᠰᠬᠡᠯ ᠬᠦᠰᠡᠯᠡᠩ
ᠱᠤᠩᠭᠤᠯ ᠨᠢᠰᠬᠡᠯ ᠦ᠋ᠨ ᠬᠥᠮᠦᠨ ᠳᠤ ᠰᠠᠨᠰᠠᠷ ᠣᠲᠣ ᠬᠦᠰᠡᠯᠡᠩ ᠁
ᠡᠷ᠎ᠡ ᠪᠣᠯᠤᠭᠰᠠᠭᠠᠷ ᠬᠥᠮᠦᠨ ᠡᠷᠦᠬᠡ ᠬᠦᠰᠡᠨ᠎ᠡ
ᠡᠷᠦᠬᠡ ᠪᠠᠶ᠋ᠢᠭᠤᠯᠤᠭᠰᠠᠭᠠᠷ ᠬᠥᠮᠦᠨ ᠦᠷ᠎ᠡ ᠬᠦᠰᠡᠨ᠎ᠡ
ᠦᠷ᠎ᠡ ᠪᠡᠨ ᠥᠰᠭᠡᠭᠰᠡᠭᠡᠷ ᠬᠥᠮᠦᠨ ᠣᠮᠪᠣᠯᠣ ᠬᠦᠰᠡᠨ᠎ᠡ
ᠡᠲᠦᠷ ᠡᠴᠡ ᠡᠲᠦᠷ ᠬᠥᠮᠦᠨ ᠥᠭᠡᠲᠡ ᠶ᠋ᠢ ᠬᠦᠰᠡᠨ᠎ᠡ ᠁
ᠬᠥᠮᠦᠨ ᠪ ᠬᠦᠰᠡᠯᠡᠩ ᠳᠤ ᠬᠡᠪᠴᠢᠶ᠎ᠡ ᠭᠡᠵᠦ ᠦᠭᠡᠢ
ᠬᠥᠮᠦᠨ ᠪ ᠬᠦᠰᠡᠯᠡᠩ ᠳᠤ ᠬᠦᠷᠢᠶ᠎ᠡ ᠭᠡᠵᠦ ᠦᠭᠡᠢ
ᠬᠥᠮᠦᠨ ᠪ ᠬᠦᠰᠡᠯᠡᠩ ᠳᠤ ᠦᠵᠦᠭᠦᠷ ᠭᠡᠵᠦ ᠦᠭᠡᠢ
ᠬᠥᠮᠦᠨ ᠪ ᠬᠦᠰᠡᠯᠡᠩ ᠳᠤ ᠬᠢᠵᠠᠭᠠᠷ ᠭᠡᠵᠦ ᠦᠭᠡᠢ
5
ᠬᠣᠯᠠ ᠶ᠋ᠢᠨ ᠬᠣᠯᠠ ᠬᠥᠭᠡᠭᠡᠴᠡᠯᠲᠦᠯ ᠪᠣᠯ
ᠬᠥᠮᠦᠨ ᠨᠡᠶ᠋ᠢᠭᠡᠮ ᠦ᠋ᠨ ᠬᠦᠰᠡᠯᠡᠩ
ᠬᠣᠨᠣᠭ ᠡᠲᠦᠷ ᠦ᠋ᠨ ᠯᠡ ᠬᠥᠭᠡᠭᠡᠴᠡᠯᠲᠦᠯ ᠪᠣᠯ
ᠬᠥᠮᠦᠨ ᠨᠡᠶ᠋ᠢᠭᠡᠮ ᠦ᠋ᠨ ᠠᠮᠢᠲᠤᠷᠠᠯ ᠃
ᠠᠯᠤᠰ ᠦ᠋ᠨ ᠠᠯᠤᠰ ᠰᠠᠨᠠᠬ᠋᠎ᠠ ᠪᠠᠨ
ᠬᠥᠮᠦᠰ ᠂ ᠬᠦᠰᠡᠯᠡᠩ ᠶ᠋ᠢᠡᠨ ᠭᠡᠳᠡᠭ
ᠠᠩᠭᠢᠲᠠ ᠰᠢᠲᠦᠨ ᠵᠣᠷᠢᠵᠤ
ᠬᠥᠮᠦᠰ ᠂ ᠨᠠᠰᠤ ᠪᠠᠨ ᠪᠠᠷᠠᠲᠠᠭ ᠃
6
ᠬᠦᠰᠡᠯᠡᠩ ᠪᠣᠯ
ᠶᠠᠲᠠᠭᠤ ᠬᠥᠮᠦᠨ ᠪ ᠴᠢᠯᠥᠭᠡᠯᠡᠯᠲᠡ
ᠶᠠᠯ᠎ᠠ ᠲᠠᠢ ᠬᠥᠮᠦᠨ ᠪ ᠰᠤᠯᠠᠯᠠᠯᠲᠠ
ᠶᠠᠲᠠᠷᠠᠭᠰᠠᠨ ᠬᠥᠮᠦᠨ ᠪ ᠠᠮᠠᠷᠠᠯᠲᠠ
ᠶᠠᠷ᠎ᠠ ᠲᠠᠢ ᠬᠥᠮᠦᠨ ᠪ ᠡᠲᠡᠭᠡᠷᠡᠯᠲᠡ ᠃
ᠬᠦᠰᠡᠯᠡᠩ ᠪᠣᠯ
ᠬᠠᠷᠠᠩᠰᠠᠲᠠᠯᠠ ᠥᠯᠥᠰᠦᠭᠰᠡᠨ ᠬᠥᠮᠦᠨ ᠪ ᠬᠣᠭᠣᠯᠠ
ᠬᠠᠲᠠᠲᠠᠯ᠎ᠠ ᠴᠠᠩᠭᠠᠭᠰᠠᠨ ᠬᠥᠮᠦᠨ ᠪ ᠤᠮᠲᠠ
ᠬᠠᠷᠠᠯᠠᠲᠠᠯ᠎ᠠ ᠭᠦᠶᠦᠭᠰᠡᠨ ᠬᠥᠮᠦᠨ ᠪ ᠰᠡᠷᠢᠭᠦᠴᠡᠯ
ᠬᠠᠰᠢᠷᠠᠲᠠᠯ᠎ᠠ ᠡᠷᠢᠭᠰᠡᠨ ᠬᠥᠮᠦᠨ ᠪ ᠪᠡᠶᠡᠯᠡᠯ
ᠬᠦᠰᠡᠯᠡᠩ ᠪᠣᠯ
ᠠᠪᠠ ᠶ᠋ᠢᠨ ᠬᠥᠮᠦᠨ ᠪ ᠬᠠᠷᠠᠬ᠋᠎ᠠ ᠲᠣᠲᠣᠷᠠᠭᠰᠠᠨ ᠠᠩ
ᠠᠶᠠᠯᠠᠯ ᠦ᠋ᠨ ᠬᠥᠮᠦᠨ ᠪ ᠬᠠᠷᠠᠯᠲᠠ ᠲᠤᠰᠤᠭᠰᠠᠨ ᠴᠠᠮᠬᠠᠭ
ᠠᠵᠢᠯᠴᠢ ᠬᠥᠮᠦᠨ ᠪ ᠴᠢᠨᠡᠭᠡᠯᠢᠭ ᠪᠠᠶᠠᠨ ᠠᠮᠢᠲᠤᠷᠠᠯ
ᠠᠭᠤᠤ ᠬᠥᠮᠦᠨ ᠪ ᠡᠶ᠎ᠡ ᠨᠠᠶ᠋ᠢᠷᠠᠮᠲᠠᠭᠤ ᠤᠯᠤᠰ ᠃
ᠬᠦᠰᠡᠯᠡᠩ ᠪᠣᠯ
ᠦᠨᠲᠦᠰᠦᠲᠡᠨ ᠪᠦᠬᠦᠨ ᠪ ᠡᠷᠬᠡ ᠴᠢᠯᠥᠭᠡ
ᠦᠢ ᠲᠦᠮᠡᠨ ᠪ ᠡᠷᠬᠡ ᠵᠢᠷᠭᠠᠯ
ᠡᠬᠡ ᠤᠯᠤᠰ ᠦ᠋ᠨ ᠡᠶ᠎ᠡ ᠵᠣᠬᠢᠴᠠᠯ
ᠡᠩ ᠳᠡᠯᠡᠬᠡᠢ ᠶ᠋ᠢᠨ ᠡᠩᠬᠡ ᠲᠠᠶ᠋ᠢᠪᠤᠩ
ᠬᠦᠰᠡᠯᠡᠩ ᠪᠣᠯ
ᠬᠥᠮᠦᠨ ᠲᠥᠷᠥᠯᠬᠢᠲᠡᠨ ᠪ ᠮᠥᠩᠬᠡ ᠨᠣᠭᠣᠭᠠᠨ ᠳᠡᠯᠡᠬᠡᠢ
ᠬᠥᠮᠦᠨ ᠲᠥᠷᠥᠯᠬᠢᠲᠡᠨ ᠪ ᠲᠠᠩᠰᠤᠭ ᠪᠠᠶᠠᠨ ᠳᠡᠯᠡᠬᠡᠢ
ᠬᠥᠮᠦᠨ ᠲᠥᠷᠥᠯᠬᠢᠲᠡᠨ ᠪ ᠣᠶᠤᠨ ᠪᠣᠯᠪᠠᠰᠤᠨ ᠳᠡᠯᠡᠬᠡᠢ
ᠬᠥᠮᠦᠨ ᠲᠥᠷᠥᠯᠬᠢᠲᠡᠨ ᠪ ᠡᠪ ᠬᠠᠮᠲᠤ ᠳᠡᠯᠡᠬᠡᠢ ᠃
2011.6.1
ᠵᠣᠬᠢᠶᠠᠭᠴᠢ ᠄ ᠷᠠᠤᠠᠨᠠᠪᠠᠽᠠᠷ
ᠦᠰᠦᠭ ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭᠰᠢ ᠄ ᠣᠤᠠᠬᠠᠨᠰᠣ᠎ᠠ ᠂ ᠬᠠᠰᠲᠤᠶᠠᠬ᠋ᠠ
