ᠠᠶᠠᠯᠠᠯ ᠳᠤ ᠪᠢᠲᠡ ᠮᠣᠷᠲᠠᠯᠠ – ᠭᠦᠷᠵᠠᠪ Аялалд бид мордлоо – Гүржав
ᠠᠶᠠᠯᠠᠯ ᠳᠤ ᠪᠢᠲᠡ ᠮᠣᠷᠲᠠᠯᠠ
ᠭᠦᠷᠵᠡᠪ
ᠠᠭᠠᠷ ᠲᠦ ᠪᠣᠯᠵᠣᠮᠣᠷ ᠦ᠋ᠳ ᠤᠶᠠᠬᠠᠨ ᠵᠢᠷᠭᠢᠵᠦ
ᠠᠯᠤᠰ ᠲᠤ ᠵᠡᠷᠭᠡᠯᠭᠡ ᠭᠣᠶᠣᠬᠠᠨ ᠵᠢᠷᠢᠯᠵᠡᠭᠰᠡᠨ
ᠠᠩᠬᠢᠯᠤᠮ᠎ᠠ ᠵᠤᠨ ᠪ ᠰᠡᠩᠭᠢᠨᠡᠮ᠎ᠡ ᠥᠷᠯᠥᠭᠡ
ᠠᠵᠠ ᠪᠠᠷ ᠱᠠᠭᠢᠬᠰᠠᠨ ᠴᠡᠩᠭᠡᠯᠲᠦ ᠮᠥᠴᠡ ᠳᠤ
ᠠᠩᠬᠢ ᠶ᠋ᠢᠨ ᠲᠤᠭ ᠶ᠋ᠢᠠᠨ ᠥᠨᠲᠥᠷ ᠮᠠᠨᠲᠤᠭᠤᠯᠵᠤ
ᠠᠶᠠᠯᠭᠤ ᠳᠠᠭᠤᠤ ᠪᠠᠨ ᠥᠯᠵᠡᠶ᠋ᠢᠲᠡᠢ ᠬᠠᠩᠭᠢᠨᠠᠭᠤᠯᠵᠤ
ᠠᠯᠬᠤᠲᠠᠯ ᠭᠢᠰᠭᠢᠲᠡᠯ ᠶ᠋ᠢᠡᠨ ᠵᠢᠭᠳᠡ ᠨᠢᠭᠡᠤᠠᠭᠡᠵᠦ
ᠠᠶᠠᠯᠠᠯ ᠳᠤ ᠪᠢᠲᠡ ᠮᠣᠷᠲᠠᠯᠠ
ᠠᠰᠤᠷᠤ ᠪᠠᠶᠠᠷᠲᠠᠢ ᠮᠣᠷᠲᠠᠯᠠ
ᠠᠪᠤ ᠡᠵᠢ ᠶ᠋ᠢᠨ ᠶ᠋ᠢᠡᠨ ᠠᠪᠴᠤ ᠥᠭᠭᠦᠭᠰᠡᠨ
ᠠᠮᠲᠠᠲᠤ ᠢᠲᠡᠭᠡᠨ ᠊ᠢ ᠪᠤᠭᠴᠤᠯᠠᠵᠤ ᠂ ᠰᠠᠪᠠᠯᠠᠵᠤ
ᠠᠪᠠᠬ᠋᠎ᠠ ᠠᠨᠢᠶ᠎ᠠ ᠨᠠᠷ ᠦ᠋ᠨ ᠶ᠋ᠢᠠᠨ ᠵᠠᠬᠢᠵᠤ ᠰᠤᠷᠭᠠᠭᠰᠠᠨ
ᠠᠩᠬᠠᠷᠬᠤ ᠵᠦᠢᠯᠡᠰ ᠊ᠢ ᠤᠩᠰᠢᠵᠤ ᠨᠢᠲᠦᠯᠡᠵᠦ
ᠠᠰ ᠠᠰ ᠦ᠋ᠨ ᠬᠢᠷᠢ ᠴᠢᠲᠠᠯ ᠶ᠋ᠢᠠᠷ ᠶ᠋ᠢᠠᠨ
ᠠᠨᠲᠠ ᠨᠠᠶ᠋ᠢᠵᠠ ᠨᠠᠷ ᠶ᠋ᠢᠠᠨ ᠬᠠᠪᠰᠤᠷᠴᠤ ᠂ ᠲᠤᠰᠠᠯᠠᠵᠤ
ᠠᠯᠢ ᠵᠥᠭᠡᠯᠡᠨ ᠤᠷᠤ ᠰᠠᠭᠤᠲᠠᠯ ᠶ᠋ᠢᠠᠨ
ᠠᠴᠢᠲᠤ ᠪᠠᠭᠰᠢ ᠨᠠᠷ ᠲᠠᠭᠠᠨ ᠰᠤᠯᠠᠯᠠᠵᠤ ᠳᠠᠯᠠᠯᠵᠤ
ᠠᠰᠢᠭᠦᠢ ᠲᠢᠭᠲᠡᠢ ᠮᠣᠷᠲᠠᠯᠠ
ᠠᠯᠲᠠᠷᠠᠬᠤ ᠦᠭᠡᠢ ᠶᠣᠰᠣ ᠲᠠᠢ ᠮᠣᠷᠲᠠᠯᠠ
ᠠᠷᠢᠭᠤᠨ ᠴᠡᠩᠬᠡᠭ ᠰᠠᠯᠬᠢ ᠬᠤᠷ᠎ᠠ ᠪᠠᠷ
ᠠᠯᠢᠮᠠᠨ ᠬᠠᠴᠠᠷ ᠶ᠋ᠢᠠᠨ ᠥᠨᠥᠰᠥᠭᠥᠯᠥᠶᠡ ᠂ ᠲᠠᠭᠠᠯᠠᠭᠤᠯᠤᠶᠡ ᠭᠡᠵᠦ
ᠠᠯᠢᠶ᠎ᠠ ᠰᠡᠷᠭᠦᠯᠡᠩ ᠴᠡᠴᠡᠭ ᠬᠤᠸᠠᠢ ᠦ᠋ᠳ ᠶ᠋ᠢᠠᠷ
ᠠᠯᠠᠭ ᠨᠢᠲᠦ ᠪᠡᠨ ᠬᠤᠵᠢᠷᠯᠠᠶᠠ ᠂ ᠬᠤᠷᠴᠠᠯᠠᠶ᠎ᠠ ᠭᠡᠵᠦ
ᠠᠷᠪᠢᠨ ᠰᠣᠨᠢᠨ ᠦᠵᠡᠭᠳᠡᠯ ᠬᠤᠪᠢᠷᠠᠯ ᠦ᠋ᠳ ᠶ᠋ᠢᠠᠷ
ᠠᠤᠠᠬᠤᠬᠠᠨ ᠲᠠᠷᠢᠬᠢ ᠪᠠᠨ ᠳᠦᠭᠦᠷᠭᠡᠶᠡ᠂ ᠰᠡᠷᠭᠦᠭᠡᠶ᠎ᠡ ᠭᠡᠵᠦ
ᠠᠲᠠᠪᠠᠰᠢ ᠠᠭᠤᠯᠭᠠᠲᠤ ᠠᠵᠢᠯᠯᠠᠬ᠋᠎ᠠ ᠲᠣᠭᠯᠠᠭᠠᠮ ᠦ᠋ᠳ ᠶ᠋ᠢᠠᠷ
ᠠᠶᠤᠤᠯᠢᠬᠠᠢ ᠵᠢᠷᠦᠬᠡ ᠪᠡᠨ ᠪᠠᠶᠠᠰᠬᠠᠶ᠎ᠠ ᠂ ᠳᠠᠮᠢᠷᠵᠢᠭᠤᠯᠤᠶᠡ ᠭᠡᠵᠦ
ᠪᠢᠰᠢᠭᠦᠢ ᠪᠣᠲᠣᠯ ᠲᠠᠢ ᠮᠣᠷᠲᠠᠯᠠ
ᠪᠤᠴᠠᠬᠤ ᠦᠭᠡᠢ ᠰᠡᠤᠠᠬᠢᠯ ᠲᠡᠢ ᠮᠣᠷᠲᠠᠯᠠ
ᠪᠢᠷ᠎ᠠ ᠲᠠᠢ ᠂ ᠬᠦᠴᠦ ᠳᠣᠷᠪᠢ ᠪᠠᠨ
ᠪᠡᠷᠬᠡᠰᠢᠶᠡᠯᠲᠦ ᠣᠷᠴᠢᠨ ᠳᠤ ᠳᠠᠪᠲᠠᠶᠠ ᠂ ᠰᠣᠷᠢᠶ᠎ᠠ ᠭᠡᠵᠦ
ᠪᠢᠯᠢᠭ᠌ ᠣᠶᠤᠨ ᠂ ᠤᠬᠠᠭᠠᠨ ᠰᠡᠤᠠᠬᠢᠬᠦᠢ ᠪᠡᠨ
ᠪᠠᠷᠢᠶᠠᠰᠤ ᠂ ᠬᠥᠯᠢᠶᠠᠰᠥ ᠡᠴᠡ ᠲᠠᠶ᠋ᠢᠯᠤᠶᠠ ᠂ ᠴᠢᠯᠥᠭᠡᠯᠡᠶᠡ ᠭᠡᠵᠦ
ᠪᠠᠶ᠋ᠢᠲᠠᠭ ᠣᠯᠠᠨ ᠬᠦᠰᠡᠯ ᠮᠥᠷᠥᠭᠡᠲᠦᠯ ᠶ᠋ᠢᠡᠨ
ᠪᠠᠷᠲᠠᠭᠠᠲᠤ ᠠᠭᠤᠢ ᠳᠤ ᠵᠢᠷᠤᠶ᠎ᠠ ᠂ ᠲᠠᠷᠢᠶ᠎ᠠ ᠭᠡᠵᠦ
ᠪᠠᠷᠠᠭᠲᠠᠰᠢ ᠦᠭᠡᠢ ᠰᠡᠤᠠᠬᠢᠯᠭᠡ ᠲᠥᠷᠥᠭᠳᠡᠯ ᠶ᠋ᠢᠡᠨ
ᠪᠠᠶ᠋ᠢᠭᠤᠯᠬᠤ ᠦᠢᠯᠡᠰ ᠲᠡᠭᠡᠨ ᠡᠷᠭᠦᠶ᠎ᠡ ᠂ ᠵᠣᠷᠢᠭᠤᠯᠤᠶ᠎ᠠ ᠭᠡᠵᠦ
ᠵᠠᠭᠤᠢ ᠲᠦᠰᠦᠪ ᠲᠡᠢ ᠮᠣᠷᠲᠠᠯᠠ
ᠵᠠᠲᠠᠷᠠᠬᠤ ᠦᠭᠡᠢ ᠵᠣᠷᠢᠬ ᠲᠠᠢ ᠮᠣᠷᠲᠠᠯᠠ ᠃
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 9 ᠪ ᠡᠲᠦᠷ ᠃
