ᠰᠤᠷᠭᠠᠭᠤᠯᠢ — ᠮᠢᠨᠦ ᠡᠵᠢ - ᠭᠦᠷᠵᠠᠪ Сургууль — Миний ээж -Гүржав
ᠰᠤᠷᠭᠠᠭᠤᠯᠢ — ᠮᠢᠨᠦ ᠡᠵᠢ
ᠭᠦᠷᠵᠠᠪ
ᠰᠤᠷᠭᠠᠭᠤᠯᠢ — ᠮᠢᠨᠦ ᠡᠵᠢ
ᠰᠤᠷᠭᠠᠭᠴᠢ — ᠣᠯᠠᠨ ᠪᠠᠭᠰᠢ ᠶ᠋ᠢᠨ ᠶ᠋ᠢᠡᠨ
ᠰᠣᠶᠣᠯ ᠂ ᠬᠥᠮᠦᠵᠢᠭᠦᠯᠦᠯ ᠦ᠋ᠨ 《 ᠰᠦ᠋ 》 ᠪᠡᠷ
ᠰᠤᠯᠠᠬᠠᠨ ᠲᠠᠲᠠᠭᠤ ᠲᠠᠷᠢᠬᠢ ᠶ᠋ᠢᠨ ᠮᠢᠨᠢ —
《 ᠰᠠᠭᠤᠭᠰᠠᠨ ᠠᠷᠬᠠᠭ 》 ᠊ᠢ ᠤᠬᠢᠶᠠᠵᠤ
ᠰᠤᠤ ᠪᠢᠯᠢᠭ ᠊ᠢ ᠨᠡᠭᠡᠭᠡᠭᠰᠡᠨ
ᠰᠤᠷᠭᠠᠭᠤᠯᠢ — ᠮᠢᠨᠦ ᠡᠵᠢ ᠃
ᠰᠤᠷᠭᠠᠭᠤᠯᠢ — ᠮᠢᠨᠦ ᠡᠵᠢ
ᠰᠤᠷᠤᠭᠴᠢ — ᠣᠯᠠᠨ ᠦᠷᠡᠰ ᠦ᠋ᠨ ᠶ᠋ᠢᠡᠨ
ᠰᠤᠷᠲᠠᠯ ᠂ ᠮᠣᠷᠠᠯ ᠦ᠋ᠨ 《 ᠠᠮᠢᠰᠬᠤᠯ 》 ᠶ᠋ᠢᠠᠷ
ᠰᠤᠨᠵᠤᠭᠤ — ᠨᠣᠷᠰᠢᠭᠤ ᠵᠠᠩ ᠦ᠋ᠨ ᠮᠢᠨᠢ
《ᠰᠤᠨᠤᠭᠰᠠᠨ ᠦᠢᠯᠡ 》 ᠶ᠋ᠢ ᠵᠠᠰᠠᠵᠤ
ᠰᠤᠷᠬᠤ ᠵᠡᠯ᠎ᠡ ᠶ᠋ᠢ ᠪᠣᠰᠬᠠᠭᠰᠠᠨ
ᠰᠤᠷᠭᠠᠭᠤᠯᠢ — ᠮᠢᠨᠦ ᠡᠵᠢ ᠃
ᠰᠤᠷᠭᠠᠭᠤᠯᠢ — ᠮᠢᠨᠦ ᠡᠵᠢ
ᠰᠤᠨᠤᠯᠵᠠᠭᠴᠢ — ᠤᠷᠲᠤ ᠵᠠᠮ ᠦ᠋ᠨ ᠶ᠋ᠢᠠᠨ
ᠰᠤᠵᠠᠭ ᠂ ᠬᠥᠪᠡᠭᠡ ᠶ᠋ᠢᠨ ᠶ᠋ᠢᠡᠨ 《 ᠲᠣᠭᠣᠰᠣ 》 ᠪᠠᠷ
ᠰᠤᠷᠴᠤ ᠭᠡᠭᠡᠷᠡᠬᠦ ᠵᠣᠷᠢᠬ ᠦ᠋ᠨ ᠮᠢᠨᠢ —
《 ᠰᠣᠷᠪᠢ ᠂ ᠰᠢᠷᠬ᠎ᠠ 》 ᠶ᠋ᠢ ᠠᠷᠴᠢᠵᠤ
ᠰᠤᠲᠠᠰᠤ ᠂ ᠰᠢᠷᠪᠥᠰᠥ ᠶ᠋ᠢ ᠴᠢᠩᠭᠠᠯᠠᠭᠰᠠᠨ
ᠰᠤᠷᠭᠠᠭᠤᠯᠢ — ᠮᠢᠨᠦ ᠡᠵᠢ ᠃
1. 《 ᠰᠠᠭᠤᠭᠰᠠᠨ ᠠᠷᠬᠠᠭ 》 — ᠮᠠᠭᠤ ᠵᠠᠩ ᠳᠠᠳᠬᠠᠯ ᠃
2. 《 ᠰᠤᠨᠤᠭᠰᠠᠨ ᠦᠢᠯᠡ 》 — ᠰᠤᠷᠤᠯᠬ᠋ᠠ ᠂ ᠠᠮᠢᠲᠤᠷᠠᠯ ᠦ᠋ᠨ ᠳᠤᠮᠳᠠᠬᠢ ᠬᠦᠴᠢᠷᠲᠡᠯᠭᠡ ᠲᠡᠪᠡᠲᠡᠯᠭᠡ ᠃
3. 《 ᠰᠣᠷᠪᠢ ᠂ ᠰᠢᠷᠬ᠎ᠠ 》 — ᠡᠮᠵᠡᠭ ᠳᠤᠲᠠᠭᠳᠠᠯ ᠲᠠᠢ ᠲᠠᠯ᠎ᠠ ᠃
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 03 08
