ᠬᠡᠦᠬᠡᠳ ᠨᠠᠰᠤᠨ ᠪ ᠤᠶᠠᠩᠬ᠋᠎ᠠ - ᠭᠦᠷᠵᠠᠪ Хүүхэд насны уянга – Гүржав
ᠬᠡᠦᠬᠡᠳ ᠨᠠᠰᠤᠨ ᠪ ᠤᠶᠠᠩᠬ᠋᠎ᠠ
ᠭᠦᠷᠵᠠᠪ
ᠬᠣᠷᠸ᠋᠎ᠠ ᠳᠤ ᠤᠨᠠᠵᠤ ᠢᠷᠡᠭᠰᠡᠨ
ᠪᠡᠶ᠎ᠡ ᠮᠢᠨᠢ ᠬᠡᠦᠬᠡᠳ
ᠬᠣᠨᠢᠨ ᠳᠤ ᠤᠬᠢᠯᠠᠵᠤ ᠶᠠᠪᠤᠭᠰᠠᠨ
ᠨᠠᠰᠤ ᠮᠢᠨᠢ ᠬᠡᠦᠬᠡᠳ
ᠬᠣᠩᠬᠣᠷ ᠲᠤ ᠲᠣᠭᠯᠠᠵᠤ ᠪᠠᠷᠢᠬᠰᠠᠨ
ᠨᠠᠭᠠᠲᠤᠮ ᠮᠢᠨᠢ ᠬᠡᠦᠬᠡᠳ
ᠬᠣᠯᠠ ᠳᠤ ᠵᠠᠶ᠋ᠢᠯᠠᠵᠤ ᠮᠣᠷᠲᠠᠭᠰᠠᠨ
ᠤᠬᠠᠭᠠᠨ ᠮᠢᠨᠢ ᠬᠡᠦᠬᠡᠳ
ᠬᠥᠮᠦᠨ ᠳᠤ ᠶᠠᠷᠢᠵᠤ ᠰᠠᠭᠤᠬᠤ
ᠵᠣᠭᠣᠭ ᠮᠢᠨᠢ ᠬᠡᠦᠬᠡᠳ
ᠬᠦᠷᠢᠶᠡᠨ ᠳᠤ ᠵᠢᠷᠭᠢᠵᠦ ᠰᠣᠯᠣᠩᠭᠠᠷᠠᠬᠤ
ᠪᠠᠶᠠᠰᠤᠯ ᠮᠢᠨᠢ ᠬᠡᠦᠬᠡᠳ
ᠬᠦᠰᠡᠯᠡᠩ ᠳᠤ ᠪᠠᠤᠠᠮᠠᠯᠠᠵᠤ ᠳᠡᠯᠭᠡᠷᠡᠬᠦ
ᠴᠡᠴᠡᠭ ᠮᠢᠨᠢ ᠬᠡᠦᠬᠡᠳ
ᠬᠦᠰᠢᠶᠡᠨ ᠳᠤ ᠪᠠᠬᠠᠷᠬᠠᠵᠤ ᠵᠡᠭᠦᠯᠭᠡᠬᠦ
ᠮᠧᠲᠠᠯ ᠮᠢᠨᠢ ᠬᠡᠦᠬᠡᠳ
ᠥᠨᠲᠥᠷ ᠲᠤ ᠡᠷᠭᠦᠵᠦ ᠮᠠᠨᠲᠤᠭᠤᠯᠬᠤ
ᠲᠤᠭ ᠮᠢᠨᠢ ᠬᠡᠦᠬᠡᠳ
ᠡᠲᠦᠷᠵᠢᠨ ᠵᠠᠰᠠᠵᠤ ᠪᠣᠯᠪᠠᠰᠤᠷᠠᠭᠤᠯᠬᠤ
ᠳᠠᠰᠬᠠᠯ ᠮᠢᠨᠢ ᠬᠡᠦᠬᠡᠳ
ᠥᠲᠡᠯᠲᠡᠯ᠎ᠡ ᠪᠡᠨ ᠤᠩᠰᠢᠵᠤ ᠨᠢᠲᠦᠯᠡᠬᠦ
ᠰᠤᠲᠤᠷ ᠮᠢᠨᠢ ᠬᠡᠦᠬᠡᠳ ᠁
ᠬᠡᠦᠬᠡᠳ ᠲᠤ ᠪᠢ
ᠤᠬᠠᠭᠠᠨ ᠦᠭᠡᠢ ᠬᠠᠶ᠋ᠢᠷᠠᠲᠠᠢ ᠡ
ᠬᠦᠴᠦ ᠪᠡᠨ ᠶᠡᠭᠦᠯᠡᠬᠦ
ᠰᠡᠵᠢᠭ ᠦᠭᠡᠢ ᠰᠡᠤᠠᠬᠢᠯ ᠲᠡᠢ ᠡ
ᠬᠥᠯᠥᠰᠥᠨ ᠴᠡᠩᠬᠡᠷ ᠳᠤᠰᠤᠯ ᠦ᠋ᠳ ᠮᠢᠨᠢ ᠠ᠋
ᠬᠡᠦᠬᠡᠳ ᠦ᠋ᠨ ᠲᠥᠯᠥᠭᠡ
ᠪᠥᠮᠪᠥᠷᠢᠨ ᠪᠥᠮᠪᠥᠷᠢᠭᠡᠰᠡᠢ
ᠬᠥᠮᠦᠨ ᠪ ᠠᠯᠲᠠᠨ ᠤᠬᠠᠭᠠᠨ ᠮᠢᠨᠢ ᠠ᠋
ᠬᠡᠦᠬᠡᠳ ᠦ᠋ᠨ ᠥᠭᠡᠲᠡ ᠡᠴᠡ
ᠠᠯᠠᠬ᠋᠎ᠠ ᠪᠠᠨ ᠡᠭᠦᠷᠢᠲᠡ ᠲᠠᠰᠢᠭᠠᠰᠠᠢ !
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠣᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ8 ᠪ ᠡᠲᠦᠷ ᠃
