ᠲᠡᠮᠦᠷ ᠪᠤᠬ᠎ᠠ- ᠮᠤᠤᠡᠥ᠋ᠬᠢᠨТөмөр бух-мууохин
ᠲᠡᠮᠦᠷ ᠪᠤᠬ᠎ᠠ
ᠮᠤᠤᠡᠥ᠋ᠬᠢᠨ
ᠲᠡᠦᠬᠡ ᠬᠡᠯᠡᠳᠡᠭ ᠮᠢᠨᠦ ᠪᠡᠶ᠎ᠡ
ᠲᠥᠭᠥᠷᠢᠭ ᠴᠡᠭᠡᠵᠢᠨ ᠡᠴᠡ ᠪᠡᠨ ᠪᠠᠶᠠᠷᠯᠠᠭᠰᠠᠭᠠᠷ
ᠲᠦᠷᠭᠡᠨ ᠶᠠᠪᠤᠳᠠᠭ ᠲᠡᠮᠦᠷ ᠪᠤᠬ᠎ᠠ ᠶ᠋ᠢ
ᠲᠡᠦᠬᠡ ᠪᠣᠯᠭᠠᠨ ᠬᠡᠯᠡᠵᠦ ᠥᠭᠬᠦᠶ᠎ᠡ᠃
ᠦᠯᠢᠭᠡᠷ ᠬᠡᠯᠡᠳᠡᠭ ᠮᠢᠨᠦ ᠪᠡᠶ᠎ᠡ
ᠡᠪᠴᠢᠭᠦᠦ ᠴᠡᠭᠡᠵᠢᠨ ᠡᠴᠡ ᠪᠡᠨ ᠪᠠᠶᠠᠷᠯᠠᠭᠰᠠᠭᠠᠷ
ᠥᠩᠭᠡ ᠨᠢ ᠬᠥᠬᠡ ᠲᠡᠮᠦᠷ ᠪᠤᠬ᠎ᠠ ᠶ᠋ᠢ
ᠦᠯᠢᠭᠡᠷ ᠪᠣᠯᠭᠠᠨ ᠬᠡᠯᠡᠵᠦ
ᠥᠭᠭᠦᠶ᠎ᠡ᠃
ᠬᠤᠭᠤᠷ ᠢ᠋ᠶ᠋ᠠᠨ ᠠᠳᠬᠤᠭᠠᠳ ᠰᠠᠭᠤᠯ᠎ᠠ ᠪᠢ
ᠬᠤᠷᠤᠭᠤ ᠪᠠᠷ ᠢ᠋ᠶ᠋ᠠᠨ ᠳᠠᠷᠤᠭᠠᠳ ᠭᠥᠭᠯᠡᠯᠡ ᠪᠢ᠃
ᠬᠣᠭᠣᠯᠠᠢ ᠶᠢᠨ ᠡᠬᠡᠰᠢᠭ ᠢ᠋ᠶ᠋ᠡᠨ ᠨᠡᠢᠯᠡᠭᠦᠯᠦᠭᠡᠳ
ᠬᠣᠯᠪᠣᠭ᠎ᠠ ᠪᠣᠯᠭᠠᠨ ᠬᠡᠯᠡᠵᠦ ᠥᠭᠭᠦᠶ᠎ᠡ᠃
ᠬᠤᠷ᠎ᠠ ᠤᠰᠤ ᠨᠢ ᠲᠠᠩᠨᠠᠵᠠᠢ ᠭᠡᠮ
ᠬᠤᠸᠠᠷ ᠥᠩᠭᠡ ᠦᠭᠡᠢ ᠭᠡᠵᠦ ᠪᠠᠢᠨ᠎ᠠ ᠤᠤ ᠳ᠋ᠠ
ᠬᠤᠷᠳᠤᠨ ᠪᠤᠬᠠᠨ ᠳ᠋ᠠᠭᠠᠨ ᠰᠠᠭᠤᠪᠠᠯ
ᠬᠥᠭᠡᠷᠬᠦ ᠦᠭᠡᠢ ᠬᠥᠮᠦᠨ ᠭᠡᠵᠦ ᠪᠠᠢᠨ᠎ᠠ ᠤᠤ ᠳ᠋ᠠ
ᠲᠦᠮᠡᠨ ᠴᠡᠴᠡᠭ ᠳᠡᠯᠭᠡᠷᠡᠪᠡᠯ
ᠰᠠᠢᠬᠠᠨ ᠦᠭᠡᠢ ᠭᠡᠵᠦ
ᠪᠠᠢᠨ᠎ᠠ ᠤᠤ
ᠳ᠋ᠠ᠃
ᠲᠦᠷᠭᠡᠨ ᠪᠤᠬᠠᠨ ᠳ᠋ᠠᠭᠠᠨ ᠰᠠᠭᠤᠪᠠᠯ
ᠪᠠᠶᠠᠷᠯᠠᠬᠤ ᠦᠭᠡᠢ ᠬᠥᠮᠦᠨ ᠭᠡᠵᠦ ᠪᠠᠢᠨ᠎ᠠ ᠶ᠋ᠢᠨ ᠳ᠋ᠠ ᠃
ᠴᠡᠩᠬᠡᠷ ᠤᠲᠤᠭ᠎ᠠ ᠲᠠᠲᠠᠭᠤᠯᠤᠭᠠᠳ
ᠭᠦᠶᠦᠯᠭᠡᠵᠦ ᠶᠠᠪᠤᠳᠠᠭ
ᠲᠡᠮᠦᠷ ᠪᠤᠬ᠎ᠠ
ᠰᠢᠯᠢᠨ ᠭᠣᠣᠯ ᠤ᠋ᠨ ᠨᠤᠲᠤᠭ ᠢᠶᠠᠷ
ᠰᠢᠯᠢᠪᠡᠯᠵᠡᠵᠦ ᠶᠠᠪᠤᠳᠠᠭ ᠲᠡᠮᠦᠷ ᠪᠤᠬ᠎ᠠ ᠃
ᠡᠪᠡᠰᠦᠲᠦ ᠲᠠᠯ᠎ᠠ ᠶ᠋ᠢᠨ ᠳᠤᠮᠳᠠᠭᠤᠷ
ᠦᠷᠭᠦᠯᠵᠢᠯᠡᠵᠦ ᠶᠠᠪᠤᠳᠠᠭ ᠲᠡᠮᠦᠷ ᠪᠤᠬ᠎ᠠ ᠃
ᠥᠩᠭᠡᠲᠦ ᠤᠲᠤᠭ᠎ᠠ ᠲᠠᠲᠠᠭᠤᠯᠤᠭᠠᠳ
ᠮᠠᠨᠠᠷᠠᠭᠤᠯᠵᠤ ᠶᠠᠪᠤᠳᠠᠭ ᠲᠡᠮᠦᠷ ᠪᠤᠬ᠎ᠠ ᠃
ᠥᠨᠳᠥᠷ ᠰᠦᠮ᠎ᠡ ᠶ᠋ᠢᠨ ᠪᠠᠷᠠᠭᠤᠨ ᠪᠡᠶ᠎ᠡ ᠪᠡᠷ
ᠥᠭᠡᠳᠡᠯᠡᠵᠦ ᠶᠠᠪᠤᠳᠠᠭ ᠲᠡᠮᠦᠷ ᠪᠤᠬ᠎ᠠ
ᠡᠪᠦᠭᠡᠨ ᠵᠠᠯᠠᠭᠤ ᠪᠦᠭᠦᠳᠡ ᠶ᠋ᠢ
ᠪᠠᠶᠠᠷᠯᠠᠭᠤᠯᠵᠤ ᠶᠠᠪᠤᠳᠠᠭ
ᠲᠡᠮᠦᠷ ᠪᠤᠬ᠎ᠠ ᠃
ᠠᠷᠠᠳ ᠤ᠋ᠨ ᠨᠡᠢᠰᠯᠡᠯ
ᠪᠡᠭᠡᠵᠢᠩ ᠡᠴᠡ
ᠲᠣᠭᠯᠠᠵᠤ ᠢᠷᠡᠳᠡᠭ ᠲᠡᠮᠦᠷ ᠪᠤᠬ᠎ᠠ
ᠠᠭᠤᠤ ᠨᠠᠮ ᠤ᠋ᠨ ᠣᠷᠢᠶᠠᠯᠭ᠎ᠠ ᠶ᠋ᠢ
ᠴᠤᠤᠷᠢᠶᠠᠲᠤᠭᠤᠯᠵᠤ ᠶᠠᠪᠤᠳᠠᠭ ᠲᠡᠮᠦᠷ ᠪᠤᠬ᠎ᠠ ᠃
ᠦᠵᠡᠮᠵᠢᠲᠦ ᠲᠠᠯ᠎ᠠ ᠶᠢᠨ ᠳᠤᠮᠳᠠᠭᠤᠷ
ᠮᠥᠭᠡᠷᠡᠵᠦ ᠶᠠᠪᠤᠳᠠᠭ ᠲᠡᠮᠦᠷ ᠪᠤᠬ᠎ᠠ
ᠡᠪᠦᠭᠡ ᠳᠡᠭᠡᠳᠦ ᠶ᠋ᠢᠨ ᠦᠶ᠎ᠡ ᠡᠴᠡ
ᠰᠢᠯᠢᠨ ᠭᠣᠣᠯ ᠳ᠋ᠤ᠌ ᠢᠷᠡᠭᠡ ᠦᠭᠡᠢ ᠲᠡᠮᠦᠷ
ᠪᠤᠬ᠎ᠠ ᠃
ᠪᠤᠯᠠᠭ ᠢ᠋ ᠠᠳᠠ ᠠ᠋ᠴᠠ ᠣᠷᠭᠢᠯᠤᠨ᠎ᠠ ᠭᠡᠵᠦ
ᠭᠠᠵᠠᠷ ᠢ᠋ ᠬᠡᠨ ᠴᠤ᠌ ᠲᠠᠨᠢᠯ᠎ᠠ
ᠳ᠋ᠠ
ᠪᠤᠬ᠎ᠠ ᠶ᠋ᠢ ᠡᠨᠳᠡ ᠢᠷᠡᠨ᠎ᠡ ᠭᠡᠵᠦ
ᠪᠣᠳᠣᠯᠭ᠎ᠠ ᠬᠡᠨ ᠳ᠋ᠦ᠍ ᠴᠤ᠌ ᠪᠠᠢᠯ᠎ᠠ ᠳ᠋ᠠ᠃
ᠱᠠᠩᠳᠠ ᠶ᠋ᠢ ᠠᠳᠠ ᠠ᠋ᠴᠠ ᠣᠨᠳᠣᠷᠤᠨ᠎ᠠ ᠭᠡᠵᠦ
ᠭᠠᠵᠠᠷ ᠢ᠋ ᠬᠡᠨ ᠴᠢ ᠮᠡᠳᠡᠯ᠎ᠡ ᠳ᠋ᠠ
ᠴᠡᠩᠬᠡᠷ ᠪᠤᠬ᠎ᠠ ᠶ᠋ᠢ ᠢᠷᠡᠨ᠎ᠡ ᠭᠡᠵᠦ
ᠰᠠᠨᠠᠭᠠᠨ ᠳ᠋ᠠᠭᠠᠨ ᠬᠡᠨ ᠴᠤ᠌ ᠪᠣᠳᠣᠯ᠎ᠠ ᠳ᠋ᠠ
ᠲᠦᠷᠭᠡᠨ ᠶᠠᠪᠤᠳᠠᠭ ᠲᠡᠮᠦᠷ ᠪᠤᠬ᠎ᠠ ᠶ᠋ᠢᠨ
ᠲᠦᠷᠴᠢᠭᠢᠨᠡᠬᠦ ᠳᠠᠭᠤ ᠶ᠋ᠢ ᠨᠢ ᠰᠣᠨᠣᠰᠤᠭᠠᠳ
ᠳᠥᠭᠥᠮ ᠵᠢᠯᠠᠭ᠎ᠠ ᠶ᠋ᠢᠨ ᠠᠢᠯ ᠠᠮᠢᠲᠠᠨ
ᠲᠦᠷᠭᠡᠨ ᠭᠦᠶᠦᠭᠡᠳ ᠭᠠᠷᠴᠤ᠌ ᠢᠷᠡᠵᠦ ᠪᠠᠢᠨ᠎ᠠ ᠃
ᠬᠥᠳᠡᠭᠡ ᠲᠣᠰᠬᠣᠨ ᠠᠢᠯ ᠣᠯᠠᠨ ᠨᠢ
ᠬᠦᠷᠴᠢᠭᠢᠨᠡᠬᠦ ᠳᠠᠭᠤᠨ ᠢ᠋ ᠨᠢ
ᠰᠣᠨᠣᠰᠤᠭᠠᠳ
ᠬᠡᠦᠬᠡᠳ ᠪᠠᠭᠠᠴᠤ᠌ᠳ ᠬᠥᠭᠰᠢᠨ ᠵᠠᠯᠠᠭᠤ ᠦᠭᠡᠢ
ᠬᠥᠭᠡᠷᠴᠦ ᠭᠠᠢᠬᠠᠯᠳᠤᠨ ᠬᠠᠷᠠᠵᠠᠭᠠᠵᠤ
ᠪᠠᠢᠨ᠎ᠠ᠃
ᠡᠷᠡᠭᠲᠡᠢ ᠡᠮᠡᠭᠲᠡᠢ
ᠪᠠᠭᠠᠴᠤ᠌ᠳ ᠨᠢ
ᠡᠩᠨᠡᠨ ᠴᠤ᠌ᠪᠤᠷᠠᠨ ᠭᠠᠷᠴᠤ᠌ ᠢᠷᠡᠭᠡᠳ
ᠡᠷᠲᠡ ᠡᠴᠡ ᠡᠭᠦᠨ ᠢ᠋ ᠦᠵᠡᠭᠡ ᠦᠭᠡᠢ ᠭᠡᠳ
ᠢᠨᠢᠶᠡᠯᠴᠡᠨ ᠱᠤᠤᠭᠢᠯᠴᠠᠨ ᠬᠠᠷᠠᠵᠠᠭᠠᠵᠤ ᠪᠠᠢᠨ᠎ᠠ ᠃
ᠬᠦᠢ! ᠲᠡᠮᠦᠷ ᠪᠤᠬ᠎ᠠ ᠶᠠᠪᠤᠵᠤ
ᠪᠠᠢᠨ᠎ᠠ ᠭᠡᠳ
ᠬᠥᠭᠵᠢᠯ ᠲᠠᠷ ᠳᠠᠭᠤ ᠪᠠᠷ ᠪᠠᠷᠬᠢᠷᠠᠯᠴᠠᠭᠠᠳ
ᠬᠡᠦᠬᠡᠳ ᠪᠠᠭᠠᠴᠤ᠌ᠳ ᠪᠦᠬᠦᠨ ᠨᠢ
ᠬᠥᠭᠡᠷᠦᠬᠦᠨ ᠭᠠᠷ ᠢ᠋ᠶ᠋ᠠᠷ ᠢ᠋ᠶ᠋ᠠᠨ ᠳᠠᠯᠠᠯᠵᠤ ᠪᠠᠢᠨ᠎ᠠ ᠃
ᠬᠥᠬᠡ ᠬᠠᠯᠲᠠᠷ ᠨᠣᠬᠠᠢ ᠨᠤᠭᠤᠳ ᠨᠢ ᠴᠤ᠌
ᠬᠥᠪ ᠬᠥᠪ
ᠭᠡᠵᠦ ᠬᠤᠴᠠᠭᠠᠳ
ᠬᠣᠢᠭᠤᠷ ᠤᠷᠳᠤᠭᠤᠷ
ᠨᠢ ᠭᠦᠶᠦᠯᠴᠡᠭᠡᠳ
ᠬᠥᠭᠡᠭᠡᠭᠡᠳ ᠭᠦᠢᠴᠡᠬᠦ ᠦᠭᠡᠢ ᠵᠣᠭᠰᠣᠵᠤ ᠪᠠᠢᠨ᠎ᠠ ᠃
ᠰᠦᠷᠦᠭᠯᠡᠨ ᠶᠠᠪᠤᠳᠠᠭ ᠠᠳᠤᠭᠤ ᠨᠤᠭᠤᠳ ᠨᠢ
ᠰᠡᠭᠦᠯ ᠳᠡᠯ ᠢ᠋ᠶ᠋ᠡᠨ ᠪᠠᠭᠠᠳᠠᠭᠯᠠᠭᠠᠳ
ᠰᠠᠯᠬᠢ ᠲᠠᠲᠠᠭᠤᠯᠤᠨ ᠳᠠᠪᠬᠢᠯᠳᠤᠭᠠᠳ
ᠰᠠᠷᠲᠠᠯᠵᠠᠵᠤ ᠵᠣᠭᠰᠣᠭᠠᠳ ᠠᠵᠢᠭᠯᠠᠵᠤ ᠪᠠᠢᠨ᠎ᠠ ᠃
ᠠᠳᠤᠭᠤᠴᠢᠨ ᠵᠠᠯᠠᠭᠤ ᠡᠷᠡᠴᠦᠳ ᠨᠢ
ᠠᠰᠬᠠᠨ ᠤᠷᠭ᠎ᠠ ᠪᠠᠨ ᠪᠠᠷᠢᠵᠠᠭᠠᠭᠠᠳ
ᠠᠭᠲᠠ ᠶ᠋ᠢᠨ ᠴᠢᠨᠡᠭᠡ ᠪᠡᠷ ᠳᠠᠪᠬᠢᠭᠠᠳ
ᠠᠮᠠᠭᠠᠢ ᠶ᠋ᠢ ᠨᠢ ᠲᠠᠲᠠᠭᠠᠳ ᠵᠣᠭᠰᠣᠵᠤ ᠪᠠᠢᠨ᠎ᠠ ᠃
ᠠᠲᠠᠷ ᠰᠢᠯᠢ ᠶᠢᠨ ᠭᠥᠷᠥᠭᠡᠰᠦ ᠨᠦ᠍ᠭᠦᠳ ᠨᠢ
ᠢᠨᠴᠠᠭ᠎ᠠ ᠪᠠᠨ ᠳᠠᠭᠠᠭᠤᠯᠤᠨ ᠲᠣᠭᠯᠠᠭᠠᠳ
ᠠᠰᠬᠠᠨ ᠤᠷᠳᠤᠭᠤᠷ ᠨᠢ ᠣᠷᠢᠶᠠᠬᠤ ᠪᠠᠷ
ᠠᠭᠠᠰᠢᠯᠠᠵᠤ ᠭᠦᠶᠦᠭᠡᠳ ᠪᠤᠵᠢᠭᠢᠨᠠᠵᠤ ᠪᠠᠢᠨ᠎ᠠ ᠃
ᠬᠥᠨᠳᠡᠢ ᠰᠠᠢᠬᠠᠨ ᠴᠡᠭᠡᠵᠢ ᠲᠠᠢ
ᠬᠦᠵᠦᠭᠦᠦ ᠳᠣᠯᠣᠭᠠᠷ ᠨᠢ ᠲᠡᠭᠰᠢᠬᠡᠨ
ᠬᠥᠮᠥᠰᠬᠡ ᠨᠢᠳᠦ ᠨᠢ ᠲᠡᠩᠴᠡᠭᠰᠡᠨ
ᠬᠦᠴᠦ ᠶᠡᠬᠡᠲᠡᠢ
ᠲᠡᠮᠦᠷ ᠪᠤᠬ᠎ᠠ ᠃
ᠠᠯᠠᠭ ᠨᠢᠳᠦ ᠨᠢ ᠭᠡᠷᠡᠯ ᠲᠠᠢ
ᠠᠶᠤᠩᠭ᠎ᠠ ᠶ᠋ᠢᠨ ᠠᠳᠠᠯᠢ ᠳᠠᠭᠤ ᠲᠠᠢ
ᠠᠯᠲᠠᠨ ᠳᠡᠯᠡᠬᠡᠢ ᠳᠡᠭᠡᠭᠦᠷ
ᠠᠭᠠᠬᠢᠯᠠᠵᠤ ᠶᠠᠪᠤᠳᠠᠭ
ᠲᠡᠮᠦᠷ ᠪᠤᠬ᠎ᠠ ᠃
ᠡᠪᠦᠯ ᠦᠨ ᠬᠦᠢᠲᠡᠨ ᠴᠠᠭ ᠭᠡᠳ
ᠳᠠᠭᠠᠷᠠᠳᠠᠭ ᠦᠭᠡᠢ ᠲᠡᠮᠦᠷ ᠪᠤᠬ᠎ᠠ
ᠡᠳᠦᠷ ᠰᠦᠨᠢ ᠦᠭᠡᠢ ᠶᠠᠪᠤᠯ᠎ᠠ ᠭᠡᠳ
ᠶᠠᠳᠠᠷᠠᠳᠠᠭ ᠦᠭᠡᠢ ᠲᠡᠮᠦᠷ ᠪᠤᠬ᠎ᠠ ᠃
ᠴᠠᠰᠤ ᠮᠥᠰᠥ ᠲᠡᠢ ᠲᠠᠯ᠎ᠠ ᠪᠡᠷ
ᠰᠠᠵᠢᠯᠠᠭᠤᠯᠵᠤ ᠶᠠᠪᠤᠳᠠᠭ ᠲᠡᠮᠦᠷ ᠪᠤᠬ᠎ᠠ ᠃
ᠰᠠᠯᠬᠢᠨ ᠵᠢᠪᠠᠷ ᠳᠡᠭᠳᠡᠯ᠎ᠡ
ᠭᠡᠳ
ᠬᠠᠮᠢᠶᠠᠷᠳᠠᠭ ᠦᠭᠡᠢ ᠲᠡᠮᠦᠷ ᠪᠤᠬ᠎ᠠ ᠃
ᠠᠶᠤᠩᠭ᠎ᠠ ᠮᠥᠨᠳᠥᠷ ᠪᠠᠭᠤᠯ᠎ᠠ ᠭᠡᠳ
ᠠᠶᠤᠳᠠᠭ ᠦᠭᠡᠢ ᠲᠡᠮᠦᠷ ᠪᠤᠬ᠎ᠠ ᠃
ᠠᠰᠬᠠᠷᠠᠭᠰᠠᠨ ᠪᠣᠷᠣᠭᠠᠨ
ᠣᠷᠣᠯ᠎ᠠ ᠭᠡᠳ
ᠰᠠᠨᠳᠤᠷᠳᠠᠭ ᠦᠭᠡᠢ ᠲᠡᠮᠦᠷ ᠪᠤᠬ᠎ᠠ ᠃
ᠬᠠᠪᠤᠷ ᠤ᠋ᠨ ᠭᠠᠴᠢᠭ
ᠴᠠᠭ ᠭᠡᠳ
ᠡᠴᠡᠳᠡᠭ ᠦᠭᠡᠢ
ᠲᠡᠮᠦᠷ ᠪᠤᠬ᠎ᠠ
ᠬᠠᠯᠠᠭᠤᠨ ᠵᠣᠨ ᠤ᠋ ᠴᠠᠭ
ᠭᠡᠳ
ᠬᠡᠲᠡᠬᠡᠨᠡᠨᠳᠡᠳᠡᠭ ᠦᠭᠡᠢ
ᠲᠡᠮᠦᠷ ᠪᠤᠬ᠎ᠠ᠃
ᠬᠠᠷᠠᠬᠠᠨ ᠨᠠᠮᠤᠷ ᠤ᠋ᠨ ᠴᠠᠭ ᠭᠡᠳ
ᠬᠥᠯᠥᠰᠥ ᠭᠠᠷᠬᠤ ᠦᠭᠡᠢ ᠲᠡᠮᠦᠷ ᠪᠤᠬ᠎ᠠ ᠃
ᠬᠠᠭ᠎ᠠ ᠬᠥᠯᠳᠡᠮᠡᠷ ᠬᠦᠢᠲᠡᠨ ᠭᠡᠳ
ᠰᠢᠨᠲᠠᠷᠠᠳᠠᠭ ᠦᠭᠡᠢ ᠲᠡᠮᠦᠷ ᠪᠤᠬ᠎ᠠ ᠃
ᠠᠭᠤᠯᠠ ᠠᠳᠠᠯᠢ ᠶᠠᠭᠤᠮ᠎ᠠ ᠪᠣᠯᠪᠠᠴᠤ᠌
ᠲᠡᠭᠡᠭᠡᠭᠡᠳ ᠶᠠᠪᠤᠳᠠᠭ ᠲᠡᠮᠦᠷ ᠪᠤᠬ᠎ᠠ ᠃
ᠠᠯᠤᠰ ᠬᠣᠯᠠ ᠶᠠᠪᠤᠯ᠎ᠠ ᠭᠡᠳ
ᠠᠮᠠᠷᠠᠳᠠᠭ ᠦᠭᠡᠢ ᠲᠡᠮᠦᠷ ᠪᠤᠬ᠎ᠠ ᠃
ᠬᠠᠰ ᠢ᠋ ᠰᠡᠢᠯᠦᠭᠡᠳ ᠡᠷᠳᠡᠨᠢ ᠪᠣᠯᠭᠠᠬᠤ
ᠤᠷᠠᠨ ᠬᠥᠮᠦᠨ ᠦ ᠡᠷᠳᠡᠮ ᠶᠤᠮ᠃
ᠬᠠᠴᠢᠨ ᠪᠤᠬ᠎ᠠ ᠶᠢ ᠵᠣᠬᠢᠶᠠᠭᠰᠠᠨ ᠨᠢ
ᠤᠬᠠᠭᠠᠨ ᠡᠷᠳᠡᠮ ᠤᠨ ᠴᠢᠳᠠᠯ ᠶᠤᠮ ᠃
ᠢᠦᠢ ᠱᠢ ᠶᠢ ᠰᠡᠢᠯᠦᠭᠡᠳ ᠡᠷᠳᠡᠨᠢ ᠪᠣᠯᠭᠠᠬᠤ
ᠤᠷᠠᠨ ᠬᠥᠮᠦᠨ ᠦ ᠡᠷᠳᠡᠮ ᠶᠤᠮ᠃
ᠡᠲᠡᠭᠡᠳ ᠪᠤᠬ᠎ᠠ ᠶ᠋ᠢ ᠵᠣᠬᠢᠶᠠᠭᠰᠠᠨ ᠨᠢ
ᠦᠢᠯᠡᠳᠪᠦᠷᠢᠴᠢᠨ ᠬᠥᠮᠦᠨ ᠤ ᠴᠢᠳᠠᠯ ᠶᠤᠮ ᠃
ᠠᠷᠰᠯᠠᠨ
ᠪᠠᠷᠰ ᠤᠨ ᠬᠦᠴᠦ ᠭᠡᠳᠡᠭ ᠨᠢ
ᠠᠭᠤᠯᠠᠨ ᠤ᠋ ᠪᠠᠨ ᠬᠦᠴᠦᠨ ᠳᠦ ᠶᠤᠮ
ᠠᠮᠢᠳᠤᠷᠠᠭᠤᠯᠵᠤ ᠪᠤᠬ᠎ᠠ ᠶ᠋ᠢ ᠶᠠᠪᠤᠭᠤᠯᠤᠭᠰᠠᠨ ᠨᠢ
ᠠᠭᠤᠷ ᠤ᠋ᠨ ᠲᠦᠯᠬᠢᠴᠡ
ᠬᠦᠴᠦᠨ ᠶᠤᠮ᠃
ᠢᠷᠪᠢᠰ ᠪᠤᠭᠤ ᠶ᠋ᠢᠨ ᠬᠦᠴᠦ ᠭᠡᠳᠡᠭ ᠨᠢ
ᠢᠷᠵᠢᠭᠡᠷ ᠬᠠᠳᠠᠨ ᠤ ᠬᠦᠴᠦᠨ ᠳ᠋ᠤ᠌ ᠶᠤᠮ ᠃
ᠶᠧᠯᠸᠢ ᠲᠡᠢ ᠪᠤᠬ᠎ᠠ ᠶ᠋ᠢ ᠵᠣᠬᠢᠶᠠᠭᠰᠠᠨ ᠨᠢ
ᠡᠷᠳᠡᠮ ᠰᠢᠨᠵᠢᠯᠭᠡᠨ ᠦ ᠬᠦᠴᠦᠨ ᠶᠣᠮ᠃
ᠠᠵᠢᠯᠴᠢᠨ ᠬᠥᠮᠦᠨ ᠦ᠌ ᠬᠦᠴᠦ ᠭᠡᠳᠡᠭ
ᠠᠯᠲᠠᠨ ᠳᠡᠯᠡᠬᠡᠢ ᠶᠢ ᠪᠦᠲᠦᠭᠡᠳᠡᠭ ᠃
ᠠᠭᠤᠯᠠᠨ ᠤ᠋ ᠬᠦᠳᠡᠷ
ᠴᠢᠯᠠᠭᠤ
ᠶ᠋ᠢ
ᠤᠰᠤᠨ ᠳᠤ ᠠᠳᠠᠯᠢ ᠬᠡᠷᠡᠭᠯᠡᠳᠡᠭ ᠃
ᠤᠬᠠᠭᠠᠨ ᠠᠷᠭ᠎ᠠ ᠡᠷᠳᠡᠮ ᠢ᠋ᠶ᠋ᠡᠷ
ᠤᠷᠠᠯᠠᠵᠤ ᠰᠠᠢᠬᠠᠨ ᠪᠦᠲᠦᠭᠡᠳᠡᠭ ᠃
ᠤᠯᠠᠭᠠᠨ ᠭᠠᠯ ᠂ ᠤᠷᠠᠯᠢᠭ ᠮᠠᠰᠢᠨ ᠢ᠋ᠶ᠋ᠠᠷ
ᠤᠷᠪᠠᠭᠤᠯᠵᠤ
ᠬᠥᠷᠪᠡᠭᠦᠯᠵᠦ ᠵᠣᠬᠢᠶᠠᠳᠠᠭ᠃
ᠤᠭᠠᠯᠵᠠ ᠲᠠᠭᠠᠯᠵᠠ ᠤᠷᠲᠤ ᠬᠣᠭᠣᠯᠠᠢ ᠶᠢ
ᠤᠬᠠᠭᠠᠨ ᠢ᠋ᠶ᠋ᠠᠷ ᠰᠠᠢᠬᠠᠨ ᠲᠠᠭᠠᠷᠠᠭᠤᠯᠤᠭᠠᠳ
ᠤᠲᠤᠭ᠎ᠠ ᠠᠭᠤᠷ ᠤ᠋ᠨ ᠨᠦᠬᠡ ᠨᠦᠭᠥᠳ ᠢ᠋ ᠨᠢ
ᠬᠥᠨᠳᠡᠢ
ᠬᠡᠢ ᠲᠠᠢ ᠵᠣᠬᠢᠶᠠᠵᠠᠢ᠃
ᠠᠯᠲᠠ
ᠮᠥᠩᠭᠥ ᠭᠠᠤᠯᠢ ᠵᠠᠰ ᠢ
ᠠᠷᠭᠠᠯ ᠠᠳᠠᠯᠢ ᠰᠢᠲᠠᠭᠠᠭᠠᠳ
ᠠᠰᠬᠠᠨ ᠮᠤᠷᠤᠢ ᠲᠣᠭᠣᠷᠢᠭ ᠬᠥᠨᠳᠡᠢ ᠶᠢ
ᠠᠶᠠᠲᠠᠢ ᠰᠠᠢᠬᠠᠨ ᠲᠠᠭᠠᠷᠠᠭᠤᠯᠵᠠᠢ᠃
ᠬᠦᠨᠳᠦ
ᠪᠤᠵᠠᠭᠠᠢ ᠯᠠᠩᠲᠤ ᠨᠤᠭᠤᠳ ᠢ
ᠬᠦᠴᠦᠯᠡᠨ ᠬᠦᠴᠦᠯᠡᠨ ᠪᠠᠭᠤᠯᠭᠠᠵᠠᠢ᠃
ᠬᠦᠷᠡᠩ ᠤᠯᠠᠭᠠᠨ ᠭᠠᠯ ᠤ᠋ᠨ ᠣᠴᠢ ᠶ᠋ᠢ
ᠪᠤᠲᠠᠷᠠᠭᠠᠨ ᠪᠤᠲᠠᠷᠠᠭᠠᠨ ᠳᠤᠸᠠᠯᠠᠭᠤᠯᠵᠠᠢ᠃
ᠭᠠᠩ ᠲᠡᠮᠦᠷ ᠪᠣᠯᠣᠳ ᠢᠶᠡᠷ ᠨᠢ
ᠭᠠᠩᠨᠠᠭᠠᠳ
ᠭᠠᠩᠨᠠᠭᠠᠳ ᠲᠠᠯᠪᠢᠵᠠᠢ᠃
ᠭᠠᠳᠠᠷ
ᠳᠣᠲᠣᠷ ᠵᠦᠢᠯ ᠦᠳ ᠢ ᠨᠢ
ᠤᠭᠰᠠᠷᠠᠭᠠᠳ ᠤᠭᠰᠠᠷᠠᠭᠠᠳ ᠨᠡᠢᠯᠡᠭᠦᠯᠵᠡᠢ᠃
ᠤᠳᠠᠭᠠᠨ ᠡᠳᠦᠷ ᠶᠠᠪᠤᠪᠠᠴᠤ᠌
ᠡᠪᠳᠡᠷᠡᠬᠦ ᠦᠭᠡᠢ ᠵᠣᠬᠢᠶᠠᠭᠠᠳ
ᠠᠭᠤᠯᠠ ᠠᠳᠠᠯᠢ ᠶᠠᠭᠤᠮ᠎ᠠ ᠶ᠋ᠢ ᠲᠡᠭᠡᠭᠡᠪᠡᠴᠦ
ᠳᠠᠭᠠᠭᠠᠮᠠᠷ ᠬᠦᠴᠦ ᠲᠠᠢ ᠪᠤᠰᠬᠠᠵᠠᠢ ᠃
ᠠᠵᠢᠯᠴᠢᠨ ᠬᠥᠮᠦᠨ ᠤ ᠡᠷᠳᠡᠮ ᠳ᠋ᠠ
ᠠᠪᠤᠭᠠᠳ ᠪᠦᠲᠦᠭᠡᠭᠰᠡᠨ ᠤᠷᠠᠯᠢᠭ ᠳ᠋ᠠ
ᠠᠪᠤᠷᠭᠤ ᠬᠦᠴᠦᠲᠡᠢ ᠲᠡᠮᠦᠷ ᠪᠤᠬ᠎ᠠ ᠶ᠋ᠢ
ᠠᠢᠬᠤᠪᠲᠤᠷ
ᠰᠠᠢᠬᠠᠨ ᠵᠣᠬᠢᠶᠠᠵᠠᠢ᠃
ᠬᠥᠭᠵᠢᠵᠦ ᠪᠠᠢᠭ᠎ᠠ ᠣᠯᠠᠨ ᠢ᠋ ᠮᠢᠨᠢ
ᠬᠡᠬᠦᠳᠡᠭ ᠳᠦᠭᠦᠷᠡᠩ ᠪᠠᠶᠠᠷᠯᠠᠭᠤᠯᠤᠭᠠᠳ
ᠬᠥᠬᠡ ᠰᠣᠯᠣᠩᠭ᠎ᠠ
ᠲᠠᠲᠠᠭᠤᠯᠤᠨ
ᠬᠦᠷᠴᠢᠭᠢᠨᠡᠵᠦ ᠶᠠᠪᠤᠳᠠᠭ ᠲᠡᠮᠦᠷ ᠪᠤᠬ᠎ᠠ ᠃
ᠤᠳᠠᠭᠠᠨ ᠡᠳᠦᠷ ᠶᠠᠪᠤᠪᠠᠴᠤ᠌
ᠡᠪᠳᠡᠷᠡᠬᠦ ᠦᠭᠡᠢ ᠵᠣᠬᠢᠶᠠᠭᠠᠳ
ᠠᠭᠤᠯᠠ ᠠᠳᠠᠯᠢ ᠶᠠᠭᠤᠮ᠎ᠠ ᠶ᠋ᠢ ᠲᠡᠭᠡᠭᠡᠪᠡᠴᠦ
ᠳᠠᠭᠠᠭᠠᠮᠠᠷ ᠬᠦᠴᠦ ᠲᠠᠢ ᠪᠤᠰᠬᠠᠵᠠᠢ ᠃
ᠠᠵᠢᠯᠴᠢᠨ ᠬᠥᠮᠦᠨ ᠤ ᠡᠷᠳᠡᠮ ᠳ᠋ᠠ
ᠠᠪᠤᠭᠠᠳ ᠪᠦᠲᠦᠭᠡᠭᠰᠡᠨ ᠤᠷᠠᠯᠢᠭ ᠳ᠋ᠠ
ᠠᠪᠤᠷᠭᠤ ᠬᠦᠴᠦᠲᠡᠢ ᠲᠡᠮᠦᠷ ᠪᠤᠬ᠎ᠠ ᠶ᠋ᠢ
ᠠᠢᠬᠤᠪᠲᠤᠷ
ᠰᠠᠢᠬᠠᠨ ᠵᠣᠬᠢᠶᠠᠵᠠᠢ᠃
ᠬᠥᠭᠵᠢᠵᠦ ᠪᠠᠢᠭ᠎ᠠ ᠣᠯᠠᠨ ᠢ᠋ ᠮᠢᠨᠢ
ᠬᠡᠬᠦᠳᠡᠭ ᠳᠦᠭᠦᠷᠡᠩ ᠪᠠᠶᠠᠷᠯᠠᠭᠤᠯᠤᠭᠠᠳ
ᠬᠥᠬᠡ ᠰᠣᠯᠣᠩᠭ᠎ᠠ
ᠲᠠᠲᠠᠭᠤᠯᠤᠨ
ᠬᠦᠷᠴᠢᠭᠢᠨᠡᠵᠦ ᠶᠠᠪᠤᠳᠠᠭ ᠲᠡᠮᠦᠷ ᠪᠤᠬ᠎ᠠ ᠃
ᠵᠢᠪᠠᠷ ᠤ᠋ᠨ ᠥᠭᠡᠳᠡ ᠡᠴᠡ ᠬᠥᠭᠵᠢᠬᠦ
ᠲᠦᠢᠮᠡᠷ
ᠵᠢᠯᠠᠭᠠᠨ ᠤ᠋ ᠳᠣᠲᠣᠷ᠎ᠠ ᠪᠠᠨ
ᠴᠥᠭᠡᠨ ᠶᠤᠮ
ᠵᠠᠮ ᠤ᠋ᠨ ᠬᠣᠯᠠ ᠶ᠋ᠢ ᠣᠢᠷᠠᠲᠤᠭᠤᠯᠵᠤ ᠥᠭᠳᠡᠭ
ᠲᠡᠮᠦᠷ ᠪᠤᠬᠠᠨ
ᠴᠢᠳᠠᠯ ᠶᠣᠮ᠃
ᠰᠠᠯᠬᠢᠨ ᠦ᠌ ᠥᠭᠡᠳᠡ ᠡᠴᠡ ᠬᠥᠪᠬᠦ ᠡᠭᠦᠯᠡ
ᠰᠠᠷ᠎ᠠ ᠳ᠋ᠠᠭᠠᠨ ᠶᠡᠷᠦ ᠭᠠᠷᠳᠠᠭ ᠦᠭᠡᠢ ᠶᠤᠮ
ᠰᠠᠨᠠᠭᠠᠨ ᠤ᠋ ᠳᠤᠷ᠎ᠠ ᠪᠠᠷ
ᠠᠭᠤᠯᠵᠠᠭᠤᠯᠵᠤ ᠶᠠᠪᠤᠳᠠᠭ
ᠴᠡᠩᠬᠡᠷ ᠪᠤᠬᠠᠨ ᠤ᠋ ᠴᠢᠳᠠᠯ ᠶᠤᠮ ᠃
ᠲᠦᠮᠡᠨ ᠭᠠᠵᠠᠷ ᠤᠨ ᠵᠠᠮ ᠢ᠋ ᠪᠣᠯᠪᠠᠴᠤ᠌
ᠲᠦᠷᠭᠡᠨ ᠬᠦᠷᠳᠡᠭ ᠲᠡᠮᠦᠷ ᠪᠤᠬ᠎ᠠ
ᠲᠣᠭᠰᠢᠨ ᠮᠥᠷᠡᠨ ᠠᠭᠤᠯᠠ ᠬᠠᠳᠠ ᠶ᠋ᠢ
ᠲᠣᠷᠬᠤ ᠦᠭᠡᠢ ᠭᠠᠷᠳᠠᠭ
ᠲᠡᠮᠦᠷ ᠪᠤᠬ᠎ᠠ ᠃
ᠤᠤᠭᠤᠵᠤ ᠢᠳᠡᠨ᠎ᠡ ᠭᠡᠭᠴᠢ ᠶ᠋ᠢ
ᠬᠠᠮᠢᠶᠠᠷᠬᠤ ᠦᠭᠡᠢ ᠶᠠᠪᠤᠳᠠᠭ ᠲᠡᠮᠦᠷ ᠪᠤᠬ᠎ᠠ
ᠤᠰᠤ ᠭᠠᠯ ᠨᠢ ᠲᠡᠩᠴᠡᠪᠡᠯ
ᠤᠨᠲᠠᠬᠤ ᠦᠭᠡᠢ ᠶᠠᠪᠤᠳᠠᠭ
ᠲᠡᠮᠦᠷ ᠪᠤᠬ᠎ᠠ ᠃
ᠠᠷᠠᠳᠴᠢᠯᠠᠭᠰᠠᠨ ᠣᠯᠠᠨ ᠤᠯᠤᠰ ᠲᠠᠢ
ᠬᠣᠯᠪᠣᠭ᠎ᠠ ᠶ᠋ᠢ ᠪᠠᠲᠤᠯᠠᠳᠠᠭ ᠲᠡᠮᠦᠷ ᠪᠤᠬ᠎ᠠ ᠃
ᠠᠬ᠎ᠠ ᠳᠡᠭᠦᠦ ᠦᠨᠳᠦᠰᠦᠲᠡᠨ ᠨᠦ᠍ᠭᠦᠳ ᠦᠨ
ᠨᠥᠬᠥᠷᠯᠡᠯ ᠢ ᠵᠤᠵᠠᠭᠠᠳᠬᠠᠳᠠᠭ ᠲᠡᠮᠦᠷ ᠪᠤᠬ᠎ᠠ ᠃
ᠠᠷᠠᠳ ᠣᠯᠠᠨ ᠤ᠋ ᠠᠮᠢᠳᠤᠷᠠᠯ ᠢ
ᠬᠠᠩᠭᠠᠵᠤ ᠶᠠᠪᠤᠳᠠᠭ ᠲᠡᠮᠦᠷ ᠪᠤᠬ᠎ᠠ ᠃
ᠠᠮᠠᠷᠠᠭ ᠢᠨᠠᠭ ᠰᠠᠳᠤᠨ ᠢ ᠨᠢ
ᠠᠭᠤᠯᠵᠠᠭᠤᠯᠵᠤ ᠶᠠᠪᠤᠳᠠᠭ ᠲᠡᠮᠦᠷ ᠪᠤᠬ᠎ᠠ ᠃
ᠠᠵᠢᠯ ᠢᠶᠠᠨ ᠰᠠᠢᠨ ᠢᠶᠠᠷ ᠬᠢᠬᠦ ᠶᠢ
ᠰᠠᠨᠠᠭᠤᠯᠵᠤ ᠶᠠᠪᠤᠳᠠᠭ ᠲᠡᠮᠦᠷ ᠪᠤᠬ᠎ᠠ ᠃
ᠠᠵᠢᠯᠴᠢᠨ ᠲᠠᠷᠢᠶᠠᠴᠢᠨ ᠮᠠᠯᠴᠢᠨ ᠤ᠋
ᠬᠠᠢᠷ᠎ᠠ ᠶ᠋ᠢ ᠪᠡᠬᠢᠵᠢᠭᠦᠯᠳᠡᠭ
ᠲᠡᠮᠦᠷ ᠪᠤᠬ᠎ᠠ ᠃
ᠡᠬᠡ ᠤᠯᠤᠰ ᠤ᠋ᠨ ᠭᠠᠷᠤᠯᠲᠠ ᠶ᠋ᠢ
ᠨᠡᠪᠲᠡᠷᠡᠭᠦᠯᠵᠦ ᠶᠠᠪᠤᠳᠠᠭ ᠲᠡᠮᠦᠷ ᠪᠤᠬ᠎ᠠ
ᠢᠷᠡᠭᠡᠳᠦᠢ ᠶ᠋ᠢᠨ ᠰᠠᠢᠬᠠᠨ ᠠᠮᠢᠳᠤᠷᠠᠯ ᠢ
ᠪᠦᠲᠦᠭᠡᠵᠦ ᠶᠠᠪᠤᠳᠠᠭ ᠲᠡᠮᠦᠷ ᠪᠤᠬ᠎ᠠ ᠃
ᠡᠪᠦᠭᠡᠳ ᠬᠥᠭᠰᠢᠳ ᠨᠠᠰᠤᠲᠠᠨ ᠢ
ᠨᠢ
ᠬᠦᠨᠳᠦᠯᠡᠵᠦ ᠶᠠᠪᠤᠳᠠᠭ ᠲᠡᠮᠦᠷ ᠪᠤᠬ᠎ᠠ
ᠥᠯᠥᠭᠡᠢ ᠲᠡᠢ ᠨᠢᠯᠬ᠎ᠠ
ᠬᠡᠦᠬᠡᠳ ᠢ
ᠠᠰᠠᠷᠠᠵᠤ ᠶᠠᠪᠤᠳᠠᠭ ᠲᠡᠮᠦᠷ ᠪᠤᠬ᠎ᠠ ᠃
ᠡᠪᠡᠳᠴᠢᠨ ᠬᠢᠵᠢᠭ ᠲᠠᠬᠤᠯ ᠢ᠋
ᠰᠡᠷᠭᠡᠢᠯᠡᠵᠦ ᠶᠠᠪᠤᠳᠠᠭ ᠲᠡᠮᠦᠷ ᠪᠤᠬ᠎ᠠ
ᠡᠷᠡᠭᠦᠯ ᠮᠡᠨᠳᠦ ᠶ᠋ᠢᠨ ᠶᠠᠪᠤᠳᠠᠯ ᠢ
ᠰᠠᠢᠬᠠᠨ ᠬᠠᠮᠠᠭᠠᠯᠠᠳᠠᠭ ᠲᠡᠮᠦᠷ ᠪᠤᠬ᠎ᠠ ᠃
ᠮᠠᠨ ᠤ ᠤᠯᠤᠰ ᠣᠷᠣᠨ ᠳ᠋ᠠᠭᠠᠨ
ᠲᠤᠰᠠᠯᠠᠮᠵᠢ ᠶᠡᠬᠡ ᠲᠡᠢ ᠲᠡᠮᠦᠷ ᠪᠤᠬ᠎ᠠ
ᠮᠠᠯᠲᠠᠮᠠᠯ ᠨᠡᠭᠦᠷᠡᠰᠦ ᠬᠦᠳᠡᠷ ᠢ᠋
ᠨᠡᠭᠦᠯᠭᠡᠵᠦ ᠶᠠᠪᠤᠳᠠᠭ ᠲᠡᠮᠦᠷ ᠪᠤᠬ᠎ᠠ᠃
ᠬᠤᠰᠤ ᠨᠠᠷᠠᠰᠤ ᠮᠣᠳᠣᠳ ᠢ
ᠲᠡᠭᠡᠭᠡᠵᠦ ᠶᠠᠪᠤᠳᠠᠭ ᠲᠡᠮᠦᠷ ᠪᠤᠬ᠎ᠠ
ᠬᠣᠲᠠ ᠬᠥᠳᠡᠭᠡ ᠶ᠋ᠢᠨ ᠬᠠᠷᠢᠴᠠᠭ᠎ᠠ ᠶᠢ
ᠬᠣᠯᠪᠣᠭᠤᠯᠵᠤ ᠶᠠᠪᠤᠳᠠᠭ ᠲᠡᠮᠦᠷ ᠪᠤᠬ᠎ᠠ ᠃
ᠠᠲᠠᠷ ᠰᠢᠯᠢ ᠨᠤᠲᠤᠭ
ᠲᠦ
ᠮᠢᠨᠢ
ᠠᠷᠪᠢᠨ ᠶᠠᠭᠤᠮ᠎ᠠ ᠪᠠᠭᠤᠯᠭᠠᠳᠠᠭ ᠲᠡᠮᠦᠷ ᠪᠤᠬ᠎ᠠ ᠃
ᠠᠰᠠᠷ ᠲᠢᠩᠬᠢᠮ ᠭᠡᠷ ᠪᠠᠢᠰᠢᠩ ᠢ᠋
ᠴᠣᠭᠴᠠᠯᠠᠭᠤᠯᠵᠤ ᠶᠠᠪᠤᠳᠠᠭ ᠲᠡᠮᠦᠷ ᠪᠤᠬ᠎ᠠ᠃
ᠬᠣᠨᠢ ᠮᠠᠯ ᠤ᠋ᠨ ᠭᠠᠷᠤᠯᠲᠠ ᠶᠢ
ᠲᠡᠭᠡᠭᠡᠭᠡᠳ ᠶᠠᠪᠤᠳᠠᠭ ᠲᠡᠮᠦᠷ ᠪᠤᠬ᠎ᠠ ᠃
ᠬᠣᠲᠠᠯᠠ ᠣᠯᠠᠨ ᠤ ᠦᠢᠯᠡᠰ ᠲᠡᠬᠡᠨ
ᠲᠤᠰᠠᠯᠠᠵᠤ ᠶᠠᠪᠤᠳᠠᠭ ᠲᠡᠮᠦᠷ ᠪᠤᠬ᠎ᠠ ᠃
ᠦᠷᠭᠦᠯᠵᠢᠯᠡᠵᠦ ᠶᠠᠪᠤᠳᠠᠭ ᠲᠡᠮᠦᠷ ᠪᠤᠬ᠎ᠠ ᠨᠢ
ᠦᠯᠡᠮᠵᠢ ᠶ᠋ᠢᠨ ᠵᠦᠢᠯ ᠢ᠋ ᠲᠡᠭᠡᠭᠡᠵᠦ ᠢᠷᠡᠭᠡᠳ
ᠥᠨᠳᠥᠷ ᠰᠦᠮ᠎ᠡ ᠶ᠋ᠢᠨ ᠬᠣᠷᠰᠢᠶᠠᠨ ᠳ᠋ᠠᠭᠠᠨ
ᠠᠭᠤᠯᠠ ᠠᠳᠠᠯᠢ
ᠣᠪᠣᠭᠠᠯᠠᠵᠤ ᠪᠠᠢᠨ᠎ᠠ᠃
ᠬᠦᠷᠴᠢᠭᠢᠨᠡᠵᠦ ᠶᠠᠪᠤᠳᠠᠭ ᠲᠡᠮᠦᠷ ᠪᠤᠬᠠᠨ ᠤ᠋
ᠬᠦᠷᠭᠡᠭᠡᠳ ᠡᠷᠡᠭᠰᠡᠨ ᠶᠠᠭᠤᠮ᠎ᠠ ᠶ᠋ᠢ ᠨᠢ
ᠬᠥᠭᠵᠢᠯᠲᠦ ᠡᠨᠡ ᠬᠣᠷᠰᠢᠶᠠᠨ ᠤ
ᠬᠦᠷᠢᠶ᠎ᠡ ᠳᠦᠭᠦᠷᠡᠩ ᠪᠠᠭᠠᠯᠭᠠᠵᠤ ᠪᠠᠢᠨ᠎ᠠ ᠃
ᠬᠣᠨᠢᠴᠢᠨ ᠮᠠᠯᠴᠢᠨ ᠠᠷᠠᠳ ᠤᠳ ᠨᠢ
ᠬᠣᠷᠰᠢᠶᠠᠨ ᠳ᠋ᠠᠭᠠᠨ ᠣᠯᠠᠨ ᠢᠶᠠᠷ ᠴᠤ᠌ᠭᠯᠠᠷᠠᠵᠤ ᠪᠠᠢᠨ᠎ᠠ ᠃
ᠬᠣᠯᠠ ᠠ᠋ᠴᠠ ᠪᠤᠬ᠎ᠠ
ᠮᠢᠨᠢ ᠠᠪᠴᠢᠷᠠᠭᠰᠠᠨ ᠭᠡᠳ
ᠬᠤᠳᠠᠯᠳᠤᠭ᠎ᠠ ᠬᠢᠬᠦ ᠪᠡᠷ ᠢᠷᠡᠵᠡᠭᠡᠵᠦ ᠪᠠᠢᠨ᠎ᠠ ᠃
ᠬᠥᠭᠰᠢᠨ ᠵᠠᠯᠠᠭᠤ ᠪᠦᠭᠦᠳᠡᠭᠡᠷ ᠢ᠋ᠶ᠋ᠡᠨ
ᠬᠦᠷᠳᠦᠲᠦ ᠲᠡᠷᠭᠡ ᠪᠡᠨ ᠴᠢᠷᠦᠭᠦᠯᠦᠭᠡᠳ
ᠬᠡᠦᠬᠡᠳ ᠪᠠᠭᠠᠴᠤᠳ ᠢ᠋ᠶ᠋ᠠᠨ ᠳᠠᠭᠠᠭᠤᠯᠤᠨ
ᠬᠥᠭᠵᠢᠵᠦ ᠨᠠᠷᠭᠢᠭᠠᠳ ᠬᠦᠷᠴᠦ ᠢᠷᠡᠵᠦ ᠪᠠᠢᠨ᠎ᠠ᠃
ᠪᠤᠷᠠᠮ ᠲᠠᠢ ᠬᠣᠭᠣᠯᠠ ᠪᠠᠨ ᠦᠵᠡᠵᠦ ᠭᠡᠮ
ᠳᠤᠷᠠᠯᠠᠬᠤ ᠦᠭᠡᠢ ᠬᠥᠮᠦᠨ ᠭᠡᠵᠦ ᠪᠠᠢᠨ᠎ᠠ ᠤᠤ ᠳ᠋ᠠ
ᠪᠤᠬ᠎ᠠ ᠪᠠᠷ ᠠᠪᠴᠢᠷᠠᠭᠰᠠᠨ ᠶᠠᠭᠤᠮ᠎ᠠ ᠶ᠋ᠢ
ᠰᠣᠨᠢᠷᠬᠠᠬᠤ ᠦᠭᠡᠢ ᠬᠥᠮᠦᠨ ᠭᠡᠵᠦ ᠪᠠᠷᠢᠨ᠎ᠠ ᠤᠤ ᠳ᠋ᠠ ᠃
ᠵᠠᠭᠠᠷ ᠤᠨ ᠦᠨᠦᠷ ᠢ᠋ ᠦᠨᠦᠷᠲᠦᠪᠡᠯ
ᠬᠠᠮᠠᠷ ᠲᠤ᠌ ᠬᠠᠩᠬᠤᠯᠬᠤ
ᠦᠭᠡᠢ
ᠭᠡᠵᠦ ᠪᠠᠢᠨ᠎ᠠ ᠤᠤ ᠳ᠋ᠠ᠃
ᠵᠦᠢᠯ ᠤ᠋ᠨ ᠶᠠᠭᠤᠮ᠎ᠠ ᠶ᠋ᠢ ᠨᠢ ᠦᠵᠡᠭᠡᠳ
ᠳᠤᠷᠠᠯᠠᠬᠤ ᠦᠭᠡᠢ ᠬᠥᠮᠦᠨ ᠭᠡᠵᠦ ᠪᠠᠢᠨ᠎ᠠ ᠤᠤ ᠳ᠋ᠠ᠃
ᠬᠦᠷᠡᠩ ᠤᠯᠠᠭᠠᠨ ᠠᠯᠮᠤᠷᠠᠳ ᠢ᠋ ᠨᠢ
ᠬᠥᠬᠡ ᠪᠤᠬ᠎ᠠ ᠪᠠᠷ ᠢ᠋ᠶ᠋ᠠᠨ ᠠᠪᠴᠢᠷᠠᠵᠠᠢ ᠃
ᠬᠥᠭᠰᠢᠳ ᠨᠠᠰᠤᠲᠠᠨ ᠡᠪᠦᠭᠡᠴᠦᠳ ᠨᠢ
ᠬᠡᠦᠬᠡᠳ ᠲᠡᠭᠡᠨ ᠠᠪᠤᠭᠠᠳ ᠥᠭᠴᠦ ᠪᠠᠢᠨ᠎ᠠ ᠃
ᠠᠰᠤᠷᠤ ᠪᠢᠴᠢᠬᠠᠨ ᠵᠠᠭᠠᠯ ᠤᠳ ᠨᠢ
ᠠᠳᠬᠤᠵᠤ ᠠᠪᠤᠭᠠᠳ ᠢᠳᠡᠵᠦ ᠪᠠᠢᠨ᠎ᠠ ᠃
ᠠᠮᠲᠠ ᠲᠠᠷ ᠰᠠᠢᠬᠠᠨ ᠵᠢᠮᠢᠰ ᠢ᠋ ᠨᠢ
ᠰᠢᠭᠦᠰᠦ ᠶ᠋ᠢ ᠨᠢ
ᠭᠠᠷᠲᠠᠯ᠎ᠠ ᠰᠢᠮᠡᠵᠦ ᠪᠠᠢᠨ᠎ᠠ ᠃
ᠡᠯᠳᠡᠪ ᠥᠩᠭᠡ ᠶ᠋ᠢᠨ ᠲᠣᠷᠭ᠎ᠠ ᠳᠤᠷᠳᠤᠩ ᠢ
ᠡᠷᠡᠯᠬᠡᠭ ᠪᠤᠬᠠᠨ ᠳ᠋ᠠᠭᠠᠨ ᠲᠡᠭᠡᠭᠡᠵᠦ ᠢᠷᠡᠵᠡᠢ ᠃
ᠡᠶᠡᠯᠳᠡᠭ ᠵᠠᠯᠠᠭᠤ
ᠡᠮᠡᠭᠲᠡᠢᠴᠦᠳ
ᠢᠨᠢᠶᠡᠵᠦ ᠳᠤᠷᠠᠯᠠᠭᠠᠳ ᠠᠪᠴᠤ᠌ ᠪᠠᠢᠨ᠎ᠠ᠃
ᠡᠷᠢᠶᠡᠨ ᠨᠠᠭᠠᠯᠭᠠᠨ ᠳᠤᠷᠳᠤᠩ ᠢ᠋ᠶ᠋ᠠᠷ ᠨᠢ
ᠡᠷᠭᠢᠭᠦᠯᠵᠦ ᠲᠣᠯᠣᠭᠠᠢ ᠪᠠᠨ ᠪᠣᠭᠣᠵᠤ ᠪᠠᠢᠨ᠎ᠠ᠃
ᠡᠪ ᠲᠡᠢ ᠰᠠᠢᠬᠠᠨ ᠪᠣᠯᠵᠠᠢ ᠭᠡᠳ
ᠡᠷᠭᠢᠭᠡᠳ ᠲᠣᠯᠢᠨ ᠳ᠋ᠤ᠌ ᠦᠵᠡᠵᠦ ᠪᠠᠢᠨ᠎ᠠ ᠃
ᠪᠤᠬᠠᠨ ᠤ ᠪᠠᠨ ᠠᠪᠴᠢᠷᠠᠭᠰᠠᠨ ᠠᠷᠢᠬᠢ ᠭᠡᠳ
ᠪᠤᠭᠤᠷᠤᠯ ᠨᠠᠰᠤᠲᠠᠨ ᠨᠢ ᠪᠠᠶᠠᠷᠯᠠᠭᠤᠯᠵᠤ ᠪᠠᠢᠨ᠎ᠠ
ᠪᠣᠷᠣ ᠯᠣᠩᠬᠣ ᠲᠠᠢ ᠶᠢ ᠨᠢ
ᠡᠪᠦᠷᠲᠦᠯᠡᠭᠡᠳ
ᠪᠤᠴᠠᠭᠠᠳ ᠴᠢᠨᠠᠭᠰᠢ ᠭᠠᠷᠴᠤ᠌ ᠪᠠᠢᠨ᠎ᠠ᠃
ᠬᠠᠩᠵᠧᠦ ᠭᠠᠵᠠᠷ ᠤ᠋ᠨ ᠬᠠᠲᠠᠭᠤ ᠴᠠᠢ ᠶ᠋ᠢ
ᠬᠠᠪᠤᠲᠠᠢ ᠪᠤᠬᠠᠨ ᠳ᠋ᠠᠭᠠᠨ ᠲᠡᠭᠡᠭᠡᠵᠦ ᠢᠷᠡᠵᠡᠢ ᠃
ᠬᠠᠩᠬᠤᠯᠲᠠᠯ᠎ᠠ ᠰᠠᠢᠬᠠᠨ ᠴᠢᠨᠠᠵᠤ ᠤᠤᠭᠤᠶ᠎ᠠ ᠭᠡᠳ
ᠬᠠᠩᠭᠠᠢ ᠲᠡᠷᠭᠡᠨ ᠳ᠋ᠡᠭᠡᠨ ᠠᠴᠢᠶᠠᠯᠠᠵᠤ ᠪᠠᠢᠨ᠎ᠠ ᠃
ᠨᠠᠷᠠᠨ ᠭᠦᠷᠦᠨ ᠦ᠌ ᠲᠠᠮᠠᠬᠢ ᠭᠡᠳ
ᠨᠠᠰᠤᠲᠠᠢᠴᠤ᠌ᠳ ᠨᠢ ᠬᠥᠭᠡᠷᠴᠦ ᠪᠠᠢᠨ᠎ᠠ
ᠨᠠᠰᠢ ᠪᠠᠨ ᠨᠢᠭᠡ ᠭᠠᠩᠰᠠ ᠥᠭᠭᠦᠭᠡᠴᠢ ᠭᠡᠳ
ᠨᠡᠯᠢᠶᠡᠳ ᠲᠠᠲᠠᠭᠠᠳ ᠮᠠᠨᠠᠷᠠᠭᠤᠯᠵᠤ ᠪᠠᠢᠨ᠎ᠠ ᠃
ᠭᠤᠸᠠᠩᠳᠦᠩ ᠭᠠᠵᠠᠷ ᠤ᠋ᠨ ᠨᠠᠪᠴᠢ ᠭᠡᠳ
ᠭᠠᠢᠬᠠᠭᠠᠳ ᠭᠠᠢᠬᠠᠭᠠᠳ ᠯᠠᠪᠯᠠᠵᠤ ᠪᠠᠢᠨ᠎ᠠ
ᠭᠠᠢᠭᠤᠢ ᠠᠪᠤᠭᠠᠳ ᠶᠠᠪᠤᠶ᠎ᠠ
ᠭᠡᠳ
ᠭᠠᠷ ᠲᠠᠭᠠᠨ ᠪᠠᠷᠢᠭᠠᠳ ᠭᠠᠷᠴᠠᠭᠠᠵᠤ ᠪᠠᠢᠨ᠎ᠠ ᠃
ᠬᠤᠳᠳᠤᠭ ᠤ᠋ᠨ ᠮᠠᠰᠢᠨ ᠠᠪᠤᠭᠠᠳ
ᠤᠰᠤ ᠭᠠᠷᠭᠠᠭᠠᠳ ᠣᠷᠭᠢᠯᠤᠭᠤᠯᠵᠤ ᠪᠠᠢᠨ᠎ᠠ ᠃
ᠬᠣᠨᠢ ᠮᠠᠯ ᠢᠶᠠᠨ ᠤᠰᠤᠯᠠᠭᠠᠳ
ᠬᠤᠷᠤᠭᠤ ᠪᠠᠨ ᠭᠠᠷᠭᠠᠭᠠᠳ ᠪᠠᠶᠠᠷᠯᠠᠵᠤ ᠪᠠᠢᠨ᠎ᠠ ᠃
ᠬᠦᠢ! ᠡᠨᠡ ᠴᠢᠨᠢ
ᠰᠠᠢᠨ
ᠳ᠋ᠠ ᠭᠡᠳ
ᠬᠥᠭᠰᠢᠨ ᠵᠠᠯᠠᠭᠤ ᠦᠭᠡᠢ ᠮᠠᠭᠲᠠᠵᠤ ᠪᠠᠢᠨ᠎ᠠ ᠃
ᠬᠣᠵᠢᠮ ᠳ᠋ᠠᠭᠠᠨ ᠪᠠᠰᠠ ᠨᠢᠭᠡ ᠶ᠋ᠢ ᠠᠪᠤᠶ᠎ᠠ ᠭᠡᠳ
ᠬᠥᠭᠵᠢᠯ ᠪᠠᠶᠠᠷ ᠲᠠᠢ ᠶᠠᠷᠢᠯᠴᠠᠵᠤ ᠪᠠᠢᠨ᠎ᠠ ᠃
ᠡᠪᠡᠰᠦᠨ ᠦ᠌ ᠮᠠᠰᠢᠨ
ᠠᠪᠴᠠᠭᠠᠳ
ᠥᠷᠭᠡᠨ ᠲᠠᠯ᠎ᠠ ᠳ᠋ᠠᠭᠠᠨ ᠭᠦᠶᠦᠯᠭᠡᠵᠦ ᠪᠠᠢᠨ᠎ᠠ ᠃
ᠥᠨᠳᠥᠷ ᠪᠤᠵᠠᠭᠠᠢ ᠮᠣᠷᠢᠳ ᠢ᠋ᠶ᠋ᠠᠨ ᠬᠥᠯᠦᠭᠡᠳ
ᠥᠭᠡᠳᠡ ᠤᠷᠤᠭᠤ ᠪᠠᠨ ᠶᠠᠪᠤᠭᠤᠯᠵᠤ ᠪᠠᠢᠨ᠎ᠠ ᠃
ᠦᠨᠡᠬᠡᠷ ᠠᠴᠢ ᠲᠠᠢ ᠮᠠᠰᠢᠨ ᠪᠠᠢᠨ᠎ᠠ ᠭᠡᠳ
ᠦᠵᠡᠭᠰᠡᠨ ᠣᠯᠠᠨ ᠢᠶᠡᠷ ᠢ᠋ᠶ᠋ᠠᠨ ᠭᠠᠢᠬᠠᠵᠤ ᠪᠠᠢᠨ᠎ᠠ ᠃
ᠥᠭᠡᠷ᠎ᠡ ᠳᠠᠬᠢᠭᠠᠳ ᠠᠪᠴᠠᠭᠠᠶ᠎ᠠ ᠭᠡᠳ
ᠥᠨᠳᠡᠢᠵᠦ ᠳᠠᠪᠬᠢᠭᠠᠳ
ᠪᠠᠬᠠᠷᠬᠠᠵᠤ ᠪᠠᠢᠨ᠎ᠠ ᠃
ᠵᠠᠬ᠎ᠠ ᠬᠢᠵᠠᠭᠠᠷ ᠤ᠋ᠨ ᠨᠤᠲᠤᠭ ᠲᠤ᠌ ᠮᠢᠨᠢ
ᠵᠠᠮᠨᠠᠵᠤ ᠶᠠᠪᠤᠳᠠᠭ ᠲᠡᠮᠦᠷ ᠪᠤᠬ᠎ᠠ ᠃
ᠵᠢᠷᠭᠠᠯᠲᠤ ᠰᠠᠢᠬᠠᠨ
ᠠᠷᠠᠳ ᠤ᠋ᠳ ᠤ᠋ᠨ
ᠵᠠᠮ ᠢ᠋ ᠨᠡᠪᠲᠡᠷᠡᠭᠦᠯᠳᠡᠭ ᠲᠡᠮᠦᠷ
ᠪᠤᠬ᠎ᠠ ᠃
ᠡᠷᠬᠡ ᠴᠢᠯᠥᠭᠡᠲᠦ ᠬᠥᠳᠡᠯᠮᠦᠷᠢ ᠳᠦ
ᠲᠤᠰᠠᠯᠠᠵᠤ ᠶᠠᠪᠤᠳᠠᠭ ᠲᠡᠮᠦᠷ ᠪᠤᠬ᠎ᠠ ᠃
ᠡᠩᠬᠡ ᠲᠠᠢᠪᠤᠩ ᠤ᠋ᠨ ᠦᠢᠯᠡᠰ
ᠲᠦ
ᠵᠢᠳᠬᠦᠵᠦ ᠶᠠᠪᠤᠳᠠᠭ ᠲᠡᠮᠦᠷ ᠪᠤᠬ᠎ᠠ ᠃
ᠠᠰᠢᠳᠠ ᠶ᠋ᠢᠨ ᠵᠢᠷᠭᠠᠯᠲᠤ
ᠨᠡᠢᠭᠡᠮ ᠢ
ᠣᠢᠷᠠᠲᠤᠭᠤᠯᠵᠤ ᠶᠠᠪᠤᠳᠠᠭ ᠲᠡᠮᠦᠷ ᠪᠤᠬ᠎ᠠ᠃
ᠠᠴᠢᠲᠤ ᠮᠠᠤ ᠽᠧ ᠳ᠋ᠦᠩ ᠦᠨ ᠬᠠᠢᠷ᠎ᠠ
ᠶᠢ
ᠠᠪᠴᠢᠷᠠᠵᠤ ᠥᠭᠳᠡᠭ ᠲᠡᠮᠦᠷ ᠪᠤᠬ᠎ᠠ ᠃
ᠠᠷᠢᠭᠤᠨ ᠤᠯᠠᠭᠠᠨ ᠲᠣᠭ ᠢ
ᠮᠠᠨᠳᠤᠭᠤᠯᠵᠤ ᠶᠠᠪᠤᠳᠠᠭ ᠲᠡᠮᠦᠷ ᠪᠤᠬ᠎ᠠ ᠃
ᠠᠷᠠᠳ ᠲᠦᠮᠡᠨ ᠤ ᠰᠡᠳᠬᠢᠯ ᠢ
ᠣᠷᠭᠢᠯᠤᠭᠤᠯᠵᠤ ᠶᠠᠪᠤᠳᠠᠭ ᠲᠡᠮᠦᠷ ᠪᠤᠬ᠎ᠠ ᠃
