ᠮᠣᠩᠭᠣᠯ ᠣᠨᠢᠰᠤᠭ᠎ᠠ ᠶᠢᠨ ᠲᠡᠭᠦᠪᠦᠷᠢ – ᠨᠢᠭᠡᠳᠦᠭᠡᠷ ᠪᠦᠯᠦᠭ –1 Монгол оньсгын түүвэр – Нэгдүгээр бүлэг –1
ᠨᠢᠭᠡᠲᠦᠭᠡᠷ ᠪᠦᠯᠦᠭ – ᠳᠠᠭᠠᠯᠴᠠᠭᠠᠨ ᠳ᠋ᠡᠬᠢ ᠬᠡᠪᠰᠢᠮᠡᠯ ᠤᠷᠠᠨ ᠬᠡᠯᠡᠯᠭᠡ –1
ᠣᠨᠢᠰᠣᠬ᠋᠎ᠠ ᠬᠤᠲᠠᠯᠲᠤᠬᠤ ᠳᠠᠭᠤᠤ
ᠬᠣᠪᠣᠭ ᠵᠤᠰᠠᠭ ᠬᠣᠨᠢᠨ ᠠ᠋ᠴᠠ
ᠬᠣᠶᠠᠷ ᠰᠢᠭᠤᠲᠠᠢ ᠰᠢᠷᠣᠢ ᠡᠴᠡ
ᠭᠤᠨᠠᠨ ᠭᠤᠨᠠᠨ ᠦᠬᠡᠷ ᠡᠴᠡ
ᠭᠤᠷᠪᠠᠨ ᠰᠢᠭᠤᠲᠠᠢ ᠰᠢᠷᠣᠢ ᠠ᠋ᠴᠠ
ᠲᠦᠵᠢᠷ ᠲᠦᠵᠢᠷ ᠢᠮᠠᠭᠠᠨ ᠠ᠋ᠴᠠ
ᠲᠦᠷᠪᠡᠨ ᠰᠢᠭᠤᠲᠠᠢ ᠰᠢᠷᠣᠢ ᠠ᠋ᠴᠠ
ᠲᠠᠶ᠋ᠢᠯᠤᠭ ᠲᠠᠶ᠋ᠢᠯᠤᠭ ᠲᠡᠮᠡᠭᠡᠨ ᠡᠴᠡ
ᠲᠠᠪᠤᠨ ᠰᠢᠭᠤᠲᠠᠢ ᠰᠢᠷᠣᠢ ᠠ᠋ᠴᠠ
ᠵᠤᠰᠠᠭ ᠵᠤᠰᠠᠭ ᠢᠮᠠᠭᠠᠨ ᠠ᠋ᠴᠠ
ᠵᠢᠷᠭᠤᠭᠠᠨ ᠰᠢᠭᠤᠲᠠᠢ ᠰᠢᠷᠣᠢ ᠠ᠋ᠴᠠ
ᠦᠷᠢᠶ᠎ᠡ ᠦᠷᠢᠶ᠎ᠡ ᠮᠣᠷᠢᠨ ᠠ᠋ᠴᠠ
ᠶᠢᠰᠤᠨ ᠰᠢᠭᠤᠲᠠᠢ ᠰᠢᠷᠣᠢ ᠠ᠋ᠴᠠ
ᠰᠡᠲᠡᠷᠬᠡᠢ ᠵᠡᠭᠦᠦ ᠡᠴᠡ
ᠰᠡᠮᠡᠷᠬᠡᠢ ᠬᠠᠲᠠᠨ ᠠ᠋ᠴᠠ
ᠣᠩᠭᠣᠷᠬᠠᠢ ᠰᠠᠪᠠᠷ ᠠ᠋ᠴᠠ
ᠣᠭᠣᠰᠤᠷ ᠦᠭᠡᠢ ᠠᠷᠤᠭ ᠠ᠋ᠴᠠ
ᠤᠷᠠᠩᠬᠠᠢ ᠲᠡᠷᠯᠢᠭ ᠡᠴᠡ
ᠤᠯᠠ ᠦᠭᠡᠢ ᠭᠤᠲᠤᠯ ᠠ᠋ᠴᠠ
ᠰᠡᠨᠵᠢ ᠦᠭᠡᠢ ᠲᠦᠷᠦᠭᠡᠨ ᠡᠴᠡ
ᠰᠠᠭᠣᠲᠠᠯ ᠦᠭᠡᠢ ᠡᠮᠡᠭᠡᠯ ᠡᠴᠡ
ᠵᠡᠭᠦᠨ ᠠᠶ᠋ᠢᠯ ᠦ᠋ᠨ ᠵᠠᠪᠠ ( ᠵᠠᠪᠰᠠᠷ ) ᠠ᠋ᠴᠠ
ᠪᠠᠷᠠᠭᠤᠨ ᠠᠶ᠋ᠢᠯ ᠦ᠋ᠨ ᠪᠠᠭᠠᠰᠤᠨ ᠠ᠋ᠴᠠ
ᠬᠣᠶ᠋ᠢᠲᠤ ᠠᠶ᠋ᠢᠯ ᠦ᠋ᠨ ᠬᠣᠭ ᠠ᠋ᠴᠠ
ᠡᠮᠦᠨ᠎ᠡ ᠠᠶ᠋ᠢᠯ ᠦ᠋ᠨ ᠦᠨᠡᠰᠦᠨ ᠡᠴᠡ
ᠬᠠᠷ᠎ᠠ ᠨᠣᠬᠠᠢ ᠶ᠋ᠢᠨ ᠬᠠ ᠠ᠋ᠴᠠ
ᠪᠣᠷᠣ ᠲᠠᠤᠯᠠᠢ ᠶ᠋ᠢᠨ ᠪᠣᠭᠲᠣᠭᠣᠰᠣ ᠠ᠋ᠴᠠ
ᠰᠢᠷ᠎ᠠ ᠵᠡᠭᠡᠷ᠎ᠡ ᠶ᠋ᠢᠨ ᠱᠠᠭᠠᠨᠲᠤ ᠠ᠋ᠴᠠ
ᠤᠯᠠᠭᠠᠨ ᠭᠠᠯᠠᠭᠤ ᠶ᠋ᠢᠨ ᠤᠭᠤᠴᠠᠨ ᠠ᠋ᠴᠠ
ᠵᠢᠷ ᠵᠢᠷ ᠴᠠᠷᠴᠠᠬᠠᠢ ᠠ᠋ᠴᠠ
ᠭᠣᠷ ᠭᠣᠷ ᠭᠣᠯᠢᠶ᠎ᠠ ᠠ᠋ᠴᠠ
ᠠᠷᠵᠠᠭ ᠠᠷᠵᠠᠭ ᠠᠭᠠᠯᠵᠢ ᠠ᠋ᠴᠠ
ᠪᠠᠷᠵᠠᠭ ᠪᠠᠷᠵᠠᠭ ᠰᠢᠷᠭᠤᠯᠵᠢ ᠠ᠋ᠴᠠ
ᠦᠮᠡᠬᠡᠢ ᠴᠣᠬᠣ ᠠ᠋ᠴᠠ
ᠥᠲᠥᠩᠬᠡᠢ ᠪᠥᠵᠥᠩ ᠡᠴᠡ
ᠠᠯᠴᠠᠩᠬᠠᠢ ᠮᠠᠩᠭᠢᠰᠤ ᠠ᠋ᠴᠠ
ᠠᠲᠤᠷᠠᠩᠬᠠᠢ ᠵᠠᠷᠠᠭᠠᠨ ᠠ᠋ᠴᠠ
ᠪᠣᠷᠣ ᠳᠠᠬᠢ ᠲᠠᠢ ᠪᠠᠶ᠋ᠢᠲᠠᠰᠤᠨ ᠭᠡᠭᠦᠦ
ᠪᠣᠰᠤᠬ᠋᠎ᠠ ᠪᠥᠬᠥ ᠲᠡᠢ ᠲᠣᠷᠣᠮᠣᠨ ᠲᠡᠮᠡᠭᠡ
ᠮᠤᠷᠤᠢ ᠡᠪᠡᠷ ᠲᠡᠢ ᠬᠡᠨᠵᠡ ᠬᠤᠷᠠᠬ᠋ᠠ
ᠮᠣᠲᠣᠨ ᠱᠥᠷᠭᠡ ᠲᠡᠢ ᠰᠥᠭᠡᠩᠬᠢ ᠪᠢᠷᠠᠭᠤ
ᠥᠨᠥᠴᠢᠨ ᠲᠣᠭᠣᠲᠠᠭ
ᠥᠯᠥᠨ ᠲᠣᠭᠣᠷᠤᠤ
ᠱᠠᠯᠲᠠᠷᠠᠭᠰᠠᠨ ᠨᠤᠭᠤᠰᠤ
ᠰᠢᠪᠠᠷᠲᠠᠭᠰᠠᠨ ᠭᠠᠯᠠᠭᠤ
ᠬᠤᠪᠠᠬᠠᠢ ᠮᠣᠲᠣᠨ ᠪ ᠬᠡᠷᠢᠶ᠎ᠡ
ᠬᠠᠷᠠᠩᠭᠤᠢ ᠰᠥᠨᠢ ᠶ᠋ᠢᠨ ᠤᠭᠤᠯᠢ
ᠰᠦᠯᠲᠡ ᠦᠭᠡᠢ ᠪᠦᠷᠭᠦᠳ
ᠰᠦᠷ ᠦᠭᠡᠢ ᠬᠠᠷᠴᠠᠭᠠᠢ ᠪᠠᠷ
ᠠᠰᠠᠭᠤᠭᠲᠠᠭᠠᠳ ᠠᠰᠠᠭᠤᠭᠲᠠᠭᠠᠳ ᠮᠤᠬᠤᠷᠲᠠᠭᠰᠠᠨ
ᠠᠷᠬ᠋᠎ᠠ ᠮᠠᠭᠤᠲᠤ ᠶ᠋ᠢ ᠬᠤᠲᠠᠯᠲᠤᠶᠠ ᠃
ᠲᠠᠭᠠᠭᠠᠳ ᠲᠠᠭᠠᠭᠠᠳ ᠲᠠᠭᠵᠢᠷᠠᠭᠰᠠᠨ
ᠲᠠᠭ ᠲᠡᠨᠡᠭ ᠊ᠢ ᠬᠤᠲᠠᠯᠲᠤᠶᠠ ᠃
ᠳᠡᠷᠪᠡᠰ ᠳᠡᠷᠪᠡᠰ ᠭᠡᠭᠰᠡᠭᠡᠷ
ᠳᠡᠪᠡᠯ ᠦ᠋ᠨ ᠡᠩᠭᠡᠷ ᠴᠢᠨᠢ ᠳᠡᠪᠲᠦᠯᠡ ᠃
ᠲᠠᠭᠠᠨ᠎ᠠ ᠲᠠᠭᠠᠨ᠎ᠠ ᠭᠡᠭᠰᠡᠭᠡᠷ
ᠲᠠᠪᠤᠨ ᠣᠨᠢᠰᠣᠭᠠᠨ ᠳᠤ ᠬᠤᠲᠠᠯᠲᠤᠭᠲᠠᠯᠠ ᠃
ᠤᠮᠠᠰ ᠤᠮᠠᠰ ᠭᠡᠭᠰᠡᠭᠡᠷ
ᠤᠰᠬᠠᠯ ᠨᠢᠲᠦ ᠴᠢᠨᠢ ᠵᠠᠶ᠋ᠢᠷᠲᠤᠯᠠ ᠃
ᠤᠬᠠᠭᠠᠨ ᠮᠥᠷᠥᠶ᠋ᠢᠴᠡᠨᠡ ᠭᠡᠭᠰᠡᠭᠡᠷ
ᠣᠨᠢᠰᠣᠬ᠋᠎ᠠ ᠲᠠᠭᠠᠯᠴᠠᠭᠠᠨ ᠳᠤ ᠬᠤᠲᠠᠯᠲᠤᠭᠲᠠᠯᠠ ᠃
ᠠᠪᠬᠤ ᠬᠥᠮᠦᠨ ᠪᠠᠶ᠋ᠢᠨ᠎ᠠ ᠦᠦ?
ᠠᠷᠠᠯᠵᠢᠬᠤ ᠦᠨ᠎ᠡ ᠪᠠᠭᠤᠷᠠᠨ᠎ᠠ ᠰᠢᠦ ᠃
ᠠᠮᠠᠯᠠᠬᠤ ᠣᠨᠢᠰᠤᠭᠠᠴᠢᠨ ᠪᠠᠶ᠋ᠢᠨ᠎ᠠ ᠤᠤ?
ᠠᠬᠢᠭᠠᠳ ᠲᠠᠭᠠᠯᠴᠠᠵᠤ ᠡᠬᠢᠯᠡᠨ᠎ᠡ ᠰᠢᠦ ᠃
ᠬᠥᠭᠡᠷᠦᠬᠦᠢ ᠬᠥᠭᠡᠷᠦᠬᠦᠢ ᠬᠥᠨᠲᠡᠩᠬᠡᠢ
ᠬᠥᠲᠡᠭᠡᠷᠡᠬᠦ ᠪᠡᠨ ᠪᠣᠯᠢᠴᠢᠬᠠ ᠳ᠋ᠠ ᠃
ᠤᠮᠠᠰ ᠤᠮᠠᠰ ᠤᠶ᠋ᠢᠯᠠᠩᠬᠠᠢ
ᠠᠭᠤᠷᠯᠠᠬᠤ ᠪᠠᠨ ᠪᠠᠶ᠋ᠢᠴᠢᠬᠠ ᠳ᠋ᠠ ᠃
ᠵᠠ ᠲᠡᠭᠡᠭᠡᠳ ᠬᠣᠶᠠᠭᠤᠯᠠ ᠪᠠᠨ
ᠵᠠᠯᠭᠠᠭᠠᠳ ᠪᠠᠰᠠ ᠯᠠ ᠲᠠᠭᠠᠯᠴᠠᠶᠠ ᠳ᠋ᠠ ᠃
ᠵᠠᠪᠠᠯ ᠨᠠᠮᠠᠶ᠋ᠢ ᠳᠡᠶ᠋ᠢᠯᠬᠦ ᠪᠡᠷ
ᠴᠢ ᠤᠬᠠᠭᠠᠨ ᠶ᠋ᠢᠠᠨ ᠬᠤᠷᠴᠠᠯᠠ ᠳ᠋ᠠ ᠃
ᠣᠯᠠᠨ ᠣᠯᠠᠨ ᠲᠠᠭᠠᠯᠴᠠᠵᠤ
ᠣᠢ ᠤᠬᠠᠭᠠᠨ ᠶ᠋ᠢᠠᠨ ᠨᠡᠮᠡᠶ᠎ᠡ!
ᠳᠠᠬᠢᠨ ᠳᠠᠬᠢᠨ ᠳᠡᠶ᠋ᠢᠯᠦᠯᠴᠡᠵᠦ
ᠳᠠᠯᠠᠢ ᠮᠡᠷᠭᠡᠨ ᠪᠣᠯᠤᠶ᠎ᠠ !
ᠦᠰᠦᠭ ᠠᠮᠢᠯᠠᠭᠤᠯᠤᠭᠰᠠᠨ ᠨᠢ : ᠮᠢᠩᠭᠠᠳ ᠴᠢᠮᠡᠭ ᠂ ᠬᠠᠳᠠᠴᠢ ᠤᠷᠠᠨ᠎ᠠ
ᠬᠢᠨᠠᠭ᠍ᠴᠢ: ᠬᠠᠷᠠᠨᠤᠳ ᠲᠤᠶᠠᠭ᠎ᠠ
