ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –1 Гангын урсгал – Чойж Тулган харьцуулж тайлбарлав Удиртгал – 1
ᠤᠳᠤᠷᠢᠳᠬᠠᠯ ( ᠨᠢᠭᠡ )
ᠭᠣᠮᠪᠣᠵᠠᠪ ᠪᠠ ᠲᠡᠭᠦᠨ ᠪ 《 ᠭᠠᠩᠬ᠋᠎ᠠ ᠶ᠋ᠢᠨ ᠤᠷᠤᠰᠬᠠᠯ 》
— 《ᠭᠠᠩᠬ᠋᠎ᠠ ᠶ᠋ᠢᠨ ᠤᠷᠤᠰᠬᠠᠯ 》 ᠪᠢᠴᠢᠭᠳᠡᠭᠰᠡᠨ
ᠬᠣᠶᠠᠷ ᠵᠠᠭᠤ ᠲᠠᠪᠢᠨ ᠲᠠᠪᠤᠨ ᠵᠢᠯ ᠦ᠋ᠨ ᠣᠢ ᠳᠤ
ᠠᠷᠪᠠᠨ ᠨᠠᠢ᠍ᠮᠠᠲᠤᠭᠠᠷ ᠵᠠᠭᠤᠨ ᠪ ᠦᠶ᠎ᠡ ᠳᠤ ᠭᠣᠪᠢ ᠶ᠋ᠢᠨ ᠡᠮᠦᠨᠡᠬᠢ ᠮᠣᠩᠭᠣᠯ ᠣᠷᠣᠨ ᠳᠤ ᠨᠢᠭᠡᠨ ᠨᠡᠷ᠎ᠡ ᠬᠦᠨᠲᠦᠲᠦ ᠡᠷᠲᠡᠮᠲᠡᠨ ᠭᠠᠷᠴᠤ᠂ ᠲᠡᠭᠦᠨ ᠪ ᠣᠯᠠᠨ ᠨᠣᠮ ᠵᠣᠬᠢᠶᠠᠯ ᠦ᠋ᠨ ᠳᠣᠲᠣᠷ᠎ᠠ ᠠ᠋ᠴᠠ 《 ᠭᠠᠩᠬ᠋᠎ᠠ ᠶ᠋ᠢᠨ ᠤᠷᠤᠰᠬᠠᠯ 》 ᠬᠡᠮᠡᠭᠳᠡᠬᠦ ᠨᠢᠭᠡᠨ ᠢᠵᠢ ᠲᠡᠦᠬᠡᠨ ᠵᠣᠬᠢᠶᠠᠯ ᠨᠢ ᠪᠢᠴᠢᠭᠳᠡᠭᠡᠳ ᠴᠢᠪ ᠬᠡᠮᠡᠨ ᠬᠣᠶᠠᠷ ᠵᠠᠭᠤ ᠲᠠᠪᠢᠨ ᠲᠠᠪᠤᠨ ᠵᠢᠯ ᠦ᠋ᠨ ᠣᠢ ᠪᠣᠯᠵᠠᠢ᠃ ᠡᠨᠡ ᠰᠠᠶ᠋ᠢᠬᠠᠨ ᠤᠴᠢᠷ ᠊ᠢ ᠳᠤᠷᠠᠰᠬᠠᠨ ᠪᠡᠯᠭᠡᠯᠡᠵᠦ᠂ ᠡᠨᠡ ᠨᠣᠮ ᠊ᠢ ᠪᠢᠴᠢᠭᠰᠡᠨ ᠲᠡᠷᠡᠬᠦ ᠡᠷᠬᠢᠮ ᠡᠷᠲᠡᠮᠲᠡᠨ ᠪ ᠭᠠᠪᠢᠶ᠎ᠠ ᠵᠢᠤᠠᠭᠦᠯ ᠪᠠ ᠬᠥᠲᠡᠯᠮᠦᠷᠢ ᠪᠦᠲᠦᠭᠡᠯ ᠊ᠢ ᠠᠷᠠᠳ ᠣᠯᠠᠨ ᠳᠤ ᠲᠠᠨᠢᠭᠤᠯᠤᠨ ᠮᠡᠲᠡᠭᠦᠯᠬᠦ ᠭᠡᠵᠦ ᠮᠢᠨᠦ ᠪᠡᠶ᠎ᠡ 《 ᠭᠠᠩᠬ᠋᠎ᠠ ᠶ᠋ᠢᠨ ᠤᠷᠤᠰᠬᠠᠯ 》 ᠳᠤ ᠲᠠᠶ᠋ᠢᠯᠤᠯᠬ᠋ᠠ ᠲᠠᠯᠪᠢᠵᠤ ᠲᠡᠭᠦᠰᠬᠦ ᠶ᠋ᠢᠨ ᠲᠠᠰᠢᠷᠠᠮ᠂ 《 ᠭᠠᠩᠬ᠋᠎ᠠ ᠶ᠋ᠢᠨ ᠤᠷᠤᠰᠬᠠᠯ 》 ᠪᠠ ᠲᠡᠭᠦᠨ ᠪ ᠵᠣᠬᠢᠶᠠᠭᠴᠢ ᠶ᠋ᠢᠨ ᠲᠤᠬᠠᠢ ᠲᠠᠨᠢᠯᠴᠠᠭᠤᠯᠤᠨ᠂ ᠡᠨᠡ ᠣᠬᠣᠷ ᠥᠭᠦᠯᠡᠯ ᠊ᠢ ᠤᠲᠤᠷᠢᠤᠠᠬᠠᠯ ᠪᠣᠯᠭᠠᠨ ᠪᠢᠴᠢᠪᠡ᠃
( ᠨᠢᠭᠡ )
《 ᠭᠠᠩᠬ᠋᠎ᠠ ᠶ᠋ᠢᠨ ᠤᠷᠤᠰᠬᠠᠯ 》 ᠭᠡᠳᠡᠭ ᠲᠡᠤᠬᠡᠨ ᠵᠣᠬᠢᠶᠠᠯ ᠊ᠢ ᠵᠣᠬᠢᠶᠠᠭᠰᠠᠨ ᠲᠡᠷᠡᠬᠦ ᠨᠡᠷ᠎ᠡ ᠬᠦᠨᠲᠦᠲᠦ ᠡᠷᠲᠡᠮᠲᠡᠨ ᠊ᠢ ᠭᠣᠮᠪᠣᠵᠠᠪ ᠭᠡᠳᠡᠭ᠃ ᠮᠣᠩᠭᠣᠯ ᠦ᠋ᠨ ᠡᠷᠲᠡᠨ ᠪ ᠪᠢᠴᠢᠭ᠌ ᠰᠤᠲᠤᠷ ᠲᠦ 《 ᠭᠣᠮᠪᠣᠵᠠᠪ ᠬᠦᠩ 》 ᠂ 《 ᠲᠠᠶ᠋ᠢᠵᠢ ᠭᠣᠮᠪᠣᠵᠠᠪ 》 ᠭᠡᠬᠦ ᠮᠡᠲᠦ ᠪᠡᠷ ᠡᠷᠭᠦᠮᠵᠢᠯᠡᠨ ᠲᠡᠮᠲᠡᠭᠯᠡᠵᠡᠢ᠃ ᠣᠲᠣ ᠶ᠋ᠢᠨ ᠰᠢᠯᠢ ᠶ᠋ᠢᠨ ᠭᠣᠣᠯ ᠠᠶ᠋ᠢᠮᠠᠭ ᠦ᠋ᠨ ᠦᠵᠦᠮᠦᠴᠢᠨ ᠪᠠᠷᠠᠭᠤᠨ ᠬᠣᠰᠢᠭᠤᠨ ᠪ ᠬᠥᠮᠦᠨ ᠪᠤᠶᠤ᠃ ᠡᠨᠡ ᠡᠷᠲᠡᠮᠲᠡᠨ ᠪ ᠲᠥᠷᠥᠵᠦ ᠮᠡᠨᠳᠦᠯᠡᠭᠰᠡᠨ ᠪᠠ ᠨᠠᠰᠤᠨ ᠠ᠋ᠴᠠ ᠨᠥᠭᠴᠢᠭᠰᠡᠨ ᠪᠣᠲᠠᠲᠠᠢ ᠣᠨ ᠵᠢᠯ ᠊ᠢ ᠦᠨᠡᠨ ᠮᠠᠭᠠᠤᠠᠯᠠᠬᠤ ᠲᠤᠯᠭᠤᠷ ᠮᠠᠲ᠋ᠧᠷᠢᠶᠠᠯ ᠬᠠᠷᠠᠬᠠᠨ ᠣᠯᠲᠠᠭᠠᠲᠤᠢ ᠪᠠᠶ᠋ᠢᠬᠰᠠᠨ ᠴᠤ᠌ ᠲᠡᠭᠦᠨ ᠪ ᠦᠢᠯᠡ ᠠᠵᠢᠯᠯᠠᠭᠠᠨ ᠪᠠ ᠵᠣᠬᠢᠶᠠᠯ ᠪᠦᠲᠦᠭᠡᠯ ᠦ᠋ᠨ ᠪᠢᠴᠢᠭᠳᠡᠨ ᠵᠣᠬᠢᠶᠠᠭᠲᠠᠭᠰᠠᠨ ᠣᠨ ᠵᠢᠯ ᠊ᠢ ᠰᠠᠶ᠋ᠢᠲᠤᠷ ᠳᠠᠷᠠᠭᠠᠯᠠᠨ ᠪᠣᠲᠣᠪᠠᠯ᠂ ᠬᠠᠷᠢᠨᠴᠤ ᠮᠠᠨᠵᠤ ᠴᠢᠩ ᠤᠯᠤᠰ ᠦ᠋ᠨ ᠡᠩᠬᠡ ᠠᠮᠤᠭᠤᠯᠠᠩ ᠦ᠋ᠨ ᠣᠨ ᠠ᠋ᠴᠠ ᠲᠡᠭᠷᠢ ᠲᠡᠳᠬᠦᠭᠴᠢ ᠶ᠋ᠢᠨ ᠣᠨ (1662 - 1796 ) ᠪ ᠬᠣᠭᠣᠷᠣᠨᠲᠣ ᠠᠮᠢᠲᠤᠷᠠᠵᠤ ᠪᠠᠶ᠋ᠢᠬᠰᠠᠨ ᠨᠢ ᠦᠨᠡᠨ ᠮᠠᠭᠠᠳ ᠲᠠᠢ ᠪᠣᠯᠬᠤ ᠲᠤᠯᠠ ᠪᠢᠲᠡ ᠲᠡᠭᠦᠨ ᠊ᠢ ᠠᠷᠪᠠᠨ ᠳᠣᠯᠣᠳᠤᠭᠠᠷ ᠵᠠᠭᠤᠨ ᠪ ᠰᠡᠭᠦᠯᠴᠢ ᠡᠴᠡ ᠠᠷᠪᠠᠨ ᠨᠠᠢ᠍ᠮᠠᠲᠤᠭᠠᠷ ᠵᠠᠭᠤᠨ ᠪ ᠦᠶ᠎ᠡ ᠪᠡᠷ ᠠᠮᠢᠲᠤᠷᠠᠵᠤ ᠪᠠᠶ᠋ᠢᠬᠰᠠᠨ ᠭᠡᠵᠦ ᠲᠣᠲᠣᠯᠠᠨᠠ ᠃
ᠭᠣᠮᠪᠣᠵᠠᠪ᠂ ᠡᠩᠬᠡ ᠠᠮᠤᠭᠤᠯᠠᠩ ᠦ᠋ᠨ ᠦᠶ᠎ᠡ ᠳᠤ ᠦᠵᠦᠮᠦᠴᠢᠨ ᠪᠠᠷᠠᠭᠤᠨ ᠭᠠᠷᠤᠨ ᠬᠣᠰᠢᠭᠤᠨ ᠪ ᠵᠠᠰᠠᠭ ᠸᠠᠩ ᠬᠣᠱᠣᠢ ᠰᠡᠴᠡᠨ ᠴᠢᠨ ᠸᠠᠩ ᠰᠤᠲᠠᠨᠢ ᠶ᠋ᠢᠨ ᠳᠡᠭᠦᠦ ᠲᠤᠰᠠᠯᠠᠭᠴᠢ ᠲᠠᠶ᠋ᠢᠵᠢ ᠣᠲᠠᠷᠢ ᠶ᠋ᠢᠨ ᠭᠡᠷ ᠲᠤ ᠮᠡᠨᠲᠦᠯᠡᠵᠡᠢ᠃ ᠭᠣᠮᠪᠣᠵᠠᠪ ᠦ᠋ᠨ ᠲᠠᠪᠤᠲᠤᠭᠠᠷ ᠦᠶ᠎ᠡ ᠶ᠋ᠢᠨ ᠡᠪᠦᠭᠡ ᠳᠣᠷᠵᠢ ᠰᠡᠴᠡᠨ ᠵᠢᠨᠦᠩ ᠪᠣᠯ 《 ᠢᠵᠠᠭᠤᠷ ᠮᠣᠩᠭᠣᠯ ᠦ᠋ᠨ ᠴᠠᠬᠠᠷ ᠦ᠋ᠨ ᠬᠠᠭᠠᠨ ᠪ ᠲᠥᠷᠥᠯ ᠪᠥᠭᠡᠳ ᠦᠵᠦᠮᠦᠴᠢᠨ ᠠᠶ᠋ᠢᠮᠠᠭ ᠦ᠋ᠨ ᠨᠣᠶᠠᠨ ᠪᠥᠯᠥᠭᠡ 》① ᠃ ᠲᠡᠷᠡ᠂ ᠳᠡᠭᠡᠳᠦ ᠡᠷᠲᠡᠮᠲᠦ ᠶ᠋ᠢᠨ ᠬᠣᠶᠠᠲᠤᠭᠠᠷ ᠣᠨ (1637) ᠳᠤ ᠮᠠᠨᠵᠤ ᠴᠢᠩ ᠳᠤ ᠣᠷᠣᠵᠤ ᠥᠭᠭᠥᠭᠰᠡᠨ ᠡᠴᠡ ᠵᠢᠷᠭᠤᠲᠤᠭᠠᠷ ᠣᠨ ᠪᠣᠯᠬᠤ ᠳᠤ ᠵᠠᠰᠠᠭ ᠬᠣᠱᠣᠢ ᠰᠡᠴᠡᠨ ᠴᠢᠨ ᠸᠠᠩ ᠡᠷᠭᠦᠮᠵᠢᠯᠡᠭᠳᠡᠨ ᠦᠵᠦᠮᠦᠴᠢᠨ ᠪᠠᠷᠠᠭᠤᠨ ᠭᠠᠷᠤᠨ ᠬᠣᠰᠢᠭᠤ ᠶ᠋ᠢ ᠵᠠᠬᠢᠷᠴᠠᠢ᠃
— — — —
① ᠳᠡᠭᠡᠳᠦ ᠡᠷᠲᠡᠮᠲᠦ ᠶ᠋ᠢᠨ ᠵᠢᠷᠭᠤᠲᠤᠭᠠᠷ ᠣᠨ (1641 ) ᠳᠤ ᠳᠣᠷᠵᠢ ᠰᠡᠴᠡᠨ ᠵᠢᠨᠦᠩ ᠊ᠢ ᠬᠣᠱᠣᠢ ᠰᠡᠴᠡᠨ ᠴᠢᠨ ᠸᠠᠩ ᠡᠷᠭᠦᠮᠵᠢᠯᠡᠭᠰᠡᠨ ᠮᠠᠨᠵᠤ ᠶ᠋ᠢᠨ ᠬᠠᠭᠠᠨ ᠪ ᠲᠠᠮᠠᠭᠠᠲᠤ ᠪᠢᠴᠢᠭ᠌ ᠃ ᠥᠪᠥᠷ ᠮᠣᠩᠭᠣᠯ ᠦ᠋ᠨ ᠨᠡᠶ᠋ᠢᠭᠡᠮ ᠦ᠋ᠨ ᠰᠢᠨᠵᠢᠯᠡᠬᠦ ᠤᠬᠠᠭᠠᠨ ᠪ ᠬᠦᠷᠢᠶᠡᠯᠡᠩ ᠦ᠋ᠨ ᠮᠣᠩᠭᠣᠯ ᠦ᠋ᠨ ᠨᠣᠮ ᠦ᠋ᠨ ᠰᠠᠩ ᠦ᠋ᠨ ᠬᠠᠲᠠᠭᠠᠯᠠᠮᠠᠯ ᠃
ᠲᠡᠭᠦᠨᠴᠡ ᠡᠶᠡᠪᠡᠷ ᠵᠠᠰᠠᠭᠴᠢ ᠶ᠋ᠢᠨ ᠭᠤᠷᠪᠠᠲᠤᠭᠠᠷ ᠣᠨ (1646 ) ᠪᠣᠯᠬᠤ ᠳᠤ ᠳᠣᠷᠵᠢ ᠰᠡᠴᠡᠨ ᠵᠢᠨᠦᠩ ᠡᠪᠡᠤᠠᠴᠢᠨ ᠶ᠋ᠢᠡᠷ ᠨᠠᠰᠤ ᠪᠠᠷᠠᠭᠰᠠᠨ ᠪ ᠬᠣᠶ᠋ᠢᠨ᠎ᠠ ᠲᠡᠭᠦᠨ ᠪ ᠠᠴᠢ ᠴᠠᠭᠠᠨ ᠪᠠᠪᠠᠢ ( ᠭᠣᠮᠪᠣᠵᠠᠪ ᠦ᠋ᠨ ᠡᠪᠦᠭᠡ ᠡᠴᠢᠭᠡ ) ᠬᠣᠱᠣᠢ ᠰᠡᠴᠡᠨ ᠴᠢᠨ ᠸᠠᠩ ᠵᠠᠯᠭᠠᠮᠵᠢᠯᠠᠵᠠᠢ᠃ ᠲᠡᠭᠦᠨ ᠪ ᠵᠢᠷᠭᠤᠭᠠᠨ ᠬᠥᠪᠡᠭᠦᠨ ᠪ ᠳᠣᠲᠣᠷ᠎ᠠ ᠠ᠋ᠴᠠ ᠭᠣᠮᠪᠣᠵᠠᠪ ᠦ᠋ᠨ ᠡᠴᠢᠭᠡ ᠣᠲᠠᠷᠢ ᠪᠣᠯᠪᠠᠰᠤ ᠲᠠᠪᠤᠲᠤᠭᠠᠷ ᠬᠥᠪᠡᠭᠦᠨ ᠨᠢ ᠮᠥᠨ᠃ ᠴᠠᠭᠠᠨ ᠪᠠᠪᠠᠢ ᠨᠠᠰᠤ ᠪᠠᠷᠠᠭᠰᠠᠨ ᠪ ᠬᠣᠶ᠋ᠢᠨ᠎ᠠ᠂ ᠭᠣᠮᠪᠣᠵᠠᠪ ᠦ᠋ᠨ ᠬᠣᠶᠠᠲᠤᠭᠠᠷ ᠶᠡᠬᠡ ᠠᠪᠠᠬ᠋᠎ᠠ ᠰᠤᠲᠠᠨᠢ᠂ ᠡᠶᠡᠪᠡᠷ ᠵᠠᠰᠠᠭᠴᠢ ᠶ᠋ᠢᠨ ᠠᠷᠪᠠᠨ ᠲᠠᠪᠤᠲᠤᠭᠠᠷ ᠣᠨ (1658) ᠪ ᠬᠠᠭᠤᠴᠢᠨ ᠤᠯᠠᠷᠢᠯ ᠦ᠋ᠨ ᠨᠠᠮᠤᠷ ᠦ᠋ᠨ ᠰᠡᠭᠦᠯ ᠳᠤ ᠮᠠᠨᠵᠤ ᠴᠢᠩ ᠦ᠋ᠨ ᠬᠠᠭᠠᠨ ᠪ ᠲᠠᠮᠠᠭᠠᠲᠤ ᠡᠷᠭᠦᠮᠵᠢᠯᠡᠯ ᠦ᠋ᠨ ᠪᠢᠴᠢᠭ᠌ ᠊ᠢ ᠬᠦᠯᠢᠶᠡᠵᠦ ᠬᠣᠱᠣᠢ ᠰᠡᠴᠡᠨ ᠴᠢᠨ ᠸᠠᠩ ᠵᠠᠯᠭᠠᠮᠵᠢᠯᠠᠵᠠᠢ᠃ ᠰᠤᠲᠠᠨᠢ᠂ ᠬᠤᠰᠢᠭᠤᠨ ᠵᠠᠰᠠᠭ ᠪᠠᠶ᠋ᠢᠬᠤ ᠳᠤ ᠭᠣᠮᠪᠣᠵᠠᠪ ᠦ᠋ᠨ ᠡᠴᠢᠭᠡ ᠣᠲᠠᠷᠢ ᠲᠤᠰᠠᠯᠠᠭᠴᠢ ᠲᠠᠶ᠋ᠢᠵᠢ ᠪᠠᠶ᠋ᠢᠵᠤ ᠬᠤᠰᠢᠭᠤᠨ ᠪ ᠬᠡᠷᠡᠭ ᠊ᠢ ᠬᠠᠪᠰᠤᠷᠤᠨ ᠲᠠᠰᠤᠯᠵᠤ ᠪᠠᠶ᠋ᠢᠵᠠᠢ᠃
ᠡᠩᠬᠡ ᠠᠮᠤᠭᠤᠯᠠᠩ ᠦ᠋ᠨ ᠬᠣᠷᠢᠨ ᠳᠣᠯᠣᠳᠤᠭᠠᠷ ᠣᠨ(1688) ᠳᠤ ᠣᠶ᠋ᠢᠷᠠᠳ ᠦ᠋ᠨ ᠭᠠᠯᠲᠠᠨ ᠪᠣᠱᠣᠭᠲᠤ ᠮᠠᠨᠵᠤ ᠴᠢᠩ ᠦ᠋ᠨ ᠨᠣᠶᠠᠷᠬᠠᠭᠴᠢᠳ ᠊ᠢ ᠡᠰᠡᠷᠭᠦᠴᠡᠨ ᠬᠠᠯᠬ᠎ᠠ ᠳᠤ ᠴᠡᠷᠢᠭ ᠣᠷᠣᠭᠠᠳ1690 ᠣᠨ ᠪᠣᠯᠬᠤ ᠳᠤ ᠦᠵᠦᠮᠦᠴᠢᠨ ᠳᠤ ᠣᠷᠣᠵᠤ ᠢᠷᠡᠪᠡ᠃ ᠡᠨᠡ ᠦᠶ᠎ᠡ ᠳᠤ ᠦᠵᠦᠮᠦᠴᠢᠨ ᠲᠠᠶ᠋ᠢᠵᠢ ᠴᠡᠭᠡᠨ ᠲᠠᠨ 《 ᠭᠠᠯᠲᠠᠨ ᠳ᠋ᠤᠷ ᠨᠥᠬᠥᠴᠡᠷᠡ ᠣᠤᠠᠴᠤ 》① ᠲᠡᠮᠡᠭᠡ᠂ ᠮᠣᠷᠢ ᠬᠦᠷᠭᠡᠭᠰᠡᠨ ᠪᠠ ᠮᠡᠲᠡᠭᠡ ᠬᠦᠷᠭᠡᠭᠰᠡᠨ ᠵᠡᠷᠭᠡ ᠶᠠᠪᠤᠲᠠᠯ ᠊ᠢ ᠠᠪᠠᠬ᠋᠎ᠠ ᠶ᠋ᠢᠨ ᠲᠠᠶ᠋ᠢᠵᠢ ᠪᠤᠨᠲᠠᠷᠠ ᠭᠡᠭᠴᠢ ᠬᠥᠮᠦᠨ ᠭᠡᠷᠡᠴᠢᠯᠡᠨ ᠵᠠᠭᠠᠯᠲᠤᠬᠤ ᠶ᠋ᠢᠨ ᠳᠤᠮᠳᠠ ᠦᠵᠦᠮᠦᠴᠢᠨ ᠪᠠᠷᠠᠭᠤᠨ ᠭᠠᠷᠤᠨ ᠵᠠᠰᠠᠭ ᠸᠠᠩ 《 ᠰᠤᠲᠠᠨᠢ ᠶ᠋ᠢᠨ ᠭᠡᠷᠭᠡᠢ ᠳᠤ ᠬᠣᠯᠪᠣᠭᠲᠠᠭᠰᠠᠨ ᠦᠭᠡ ᠪᠤᠢ ᠶ᠋ᠢᠨ ᠤᠴᠢᠷ 》② ᠂ ᠲᠡᠭᠦᠨᠴᠢᠯᠡᠨ 《 ᠰᠤᠲᠠᠨᠢ ᠶ᠋ᠢᠨ
— — — —
①② 《 ᠵᠠᠷᠯᠢᠬ ᠶ᠋ᠢᠠᠷ ᠲᠣᠭᠲᠠᠭᠠᠭᠰᠠᠨ ᠭᠠᠲᠠᠭᠠᠲᠤ ᠮᠣᠩᠭᠣᠯ ᠬᠣᠲᠣᠩ ᠠᠶ᠋ᠢᠮᠠᠭ ᠦ᠋ᠨ ᠸᠠᠩ ᠬᠦᠩ ᠦ᠋ᠳ ᠦ᠋ᠨ ᠢᠯᠡᠤᠠᠬᠡᠯ ᠱᠠᠰᠲᠢᠷ ᠂ ᠦᠵᠦᠮᠦᠴᠢᠨ ᠠᠶ᠋ᠢᠮᠠᠭ ᠦ᠋ᠨ ᠱᠠᠰᠲᠢᠷ ᠦ᠋ᠨ ᠬᠤᠷᠢᠶᠠᠩᠭᠤᠢ 》 ( ᠳᠥᠭᠥᠮᠴᠢᠯᠡᠨ 《 ᠢᠯᠡᠤᠠᠬᠡᠯ ᠱᠠᠰᠲᠢᠷ 》 ᠭᠡᠳᠡᠭ ) ᠃
ᠭᠡᠷᠭᠡᠢ ᠤᠷᠢᠲᠠᠴᠠ ᠲᠡᠷᠡ ᠬᠡᠷᠡᠭ ᠊ᠢ ᠮᠡᠳᠡᠭᠰᠡᠨ 》 ① ᠵᠡᠷᠭᠡ ᠶᠠᠪᠤᠲᠠᠯ ᠪᠠᠶ᠋ᠢᠬᠤ ᠶ᠋ᠢ ᠮᠠᠨᠵᠤ ᠴᠢᠩ ᠦ᠋ᠨ ᠵᠠᠰᠠᠭ ᠦ᠋ᠨ ᠭᠠᠵᠠᠷ ᠠ᠋ᠴᠠ ᠦᠵᠦᠮᠦᠴᠢᠨ ᠳᠤ ᠲᠣᠮᠢᠯᠠᠨ ᠣᠴᠢᠭᠤᠯᠤᠭᠰᠠᠨ ᠲᠦᠰᠢᠮᠡᠯ ᠪᠠᠶ᠋ᠢᠴᠠᠭᠠᠨ ᠣᠯᠤᠭᠠᠳ ᠮᠠᠨᠵᠤ ᠴᠢᠩ ᠦ᠋ᠨ ᠬᠠᠭᠠᠨ ᠳᠤ 《 ᠡᠷᠭᠦᠮᠵᠢᠯᠡᠭᠰᠡᠨ ᠴᠣᠯᠠ ᠶ᠋ᠢ ᠡᠪᠲᠡᠰᠦᠭᠡᠢ᠂ ᠬᠠᠷᠢᠶᠠᠲᠤ ᠡᠷᠦᠬᠡ ᠠᠮᠠ ᠶ᠋ᠢ ᠲᠠᠲᠠᠰᠤᠭᠠᠢ᠂ ᠰᠤᠲᠠᠨᠢ ᠦᠭᠡᠢ ᠪᠣᠯᠤᠭᠰᠠᠨ ᠪ ᠲᠤᠯᠠᠲᠠ (1690 ᠣᠨ ᠳᠤ ᠨᠠᠰᠤ ᠪᠠᠷᠠᠵᠠᠢ ) ᠲᠡᠭᠦᠨ ᠪ ᠬᠡᠷᠬᠡᠮ ᠊ᠢ ᠬᠠᠰᠤᠭᠤᠯᠰᠤᠭᠠᠢ ᠬᠡᠮᠡᠨ ᠠᠶ᠋ᠢᠯᠠᠤᠠᠬᠠᠭᠰᠠᠨ ᠳ᠋ᠤᠷ 》② ᠮᠠᠨᠵᠤ ᠴᠢᠩ ᠦ᠋ᠨ ᠬᠠᠭᠠᠨ ᠡᠨᠡ ᠠᠶ᠋ᠢᠯᠠᠤᠠᠬᠠᠯ ᠊ᠢ ᠡᠰᠡ ᠵᠥᠪᠰᠢᠶᠡᠷᠡᠨ《 ᠮᠥᠨ ᠬᠦ ᠶᠣᠰᠣᠭᠠᠷ ᠵᠠᠯᠭᠠᠮᠵᠢᠯᠠᠭᠤᠯᠲᠤᠭᠠᠢ 》③ ᠭᠡᠵᠡᠢ᠃ ᠮᠠᠨᠵᠤ ᠴᠢᠩ ᠦ᠋ᠨ ᠬᠠᠭᠠᠨ᠂ ᠰᠤᠲᠠᠨᠢ ᠶ᠋ᠢᠨ ᠬᠡᠷᠬᠡᠮ ᠊ᠢ ᠬᠠᠰᠤᠭᠤᠯᠬᠤ ᠭᠡᠰᠡᠨ ᠠᠶ᠋ᠢᠯᠠᠤᠠᠬᠠᠯ ᠊ᠢ ᠡᠰᠡ ᠵᠥᠪᠰᠢᠶᠡᠷᠡᠭᠰᠡᠨ ᠪ ᠰᠢᠯᠲᠠᠭᠠᠨ ᠨᠢ ᠰᠤᠲᠠᠨᠢ ᠶ᠋ᠢᠨ ᠭᠡᠷ ᠪᠦᠯᠢ ᠶ᠋ᠢᠨ ᠬᠢᠨ ᠭᠠᠯᠲᠠᠨ ᠪᠣᠱᠣᠭᠲᠤ ᠶ᠋ᠢᠨ ᠲᠡᠮᠡᠴᠡᠯ ᠳᠤ ᠬᠣᠯᠪᠣᠭᠲᠠᠯ ᠦᠭᠡᠢ ᠪᠢᠰᠢ ᠶᠤᠮ᠃ ᠬᠠᠷᠢᠨ ᠡᠨᠡ ᠨᠢ ᠮᠠᠨᠵᠤ ᠶ᠋ᠢᠨ ᠬᠠᠭᠠᠨ ᠪᠡᠶ᠎ᠡ ᠪᠡᠷ ᠶ᠋ᠢᠡᠨ ᠭᠠᠯᠲᠠᠨ ᠪᠣᠱᠣᠭᠲᠤ ᠶ᠋ᠢᠨ ᠲᠡᠮᠡᠴᠡᠯ ᠊ᠢ ᠳᠠᠷᠤᠩᠭᠤᠶ᠋ᠢᠯᠠᠨ ᠢᠯᠠᠯᠲᠠ ᠣᠯᠤᠭᠰᠠᠨ ᠰᠠᠭᠤᠷᠢᠨ ᠳᠡᠭᠡᠷ᠎ᠡ ᠮᠣᠩᠭᠣᠯ ᠵᠠᠰᠠᠭ ᠸᠠᠩ ᠨᠠᠷ ᠊ᠢ ᠲᠠᠲᠠᠵᠤ ᠥᠪᠡᠷ ᠊ᠢ ᠪᠡᠨ ᠦᠨᠡᠨᠬᠦ 《ᠥᠷᠥᠰᠢᠶᠡᠩᠭᠦᠢ ᠳᠡᠯᠭᠡᠷᠡᠩᠭᠦᠢ ᠨᠠᠶ᠋ᠢᠷᠲᠠᠢ ᠪᠣᠭᠲᠠ 》④ ᠭᠡᠰᠡᠨ ᠶ᠋ᠢᠡᠨ ᠢᠯᠡᠷᠡᠭᠦᠯᠬᠦ ᠭᠡᠰᠡᠨ ᠳᠤ ᠣᠷᠣᠰᠢᠬᠤ ᠶᠤᠮ᠃ ᠮᠠᠨᠵᠤ ᠶ᠋ᠢᠨ ᠬᠠᠭᠠᠨ ᠪ ᠡᠨᠡᠬᠦ ᠵᠣᠷᠢᠯᠬ᠋ᠠ ᠠ᠋ᠴᠠ ᠪᠣᠯᠵᠤ ᠨᠢᠭᠡᠨᠲᠡ ᠨᠠᠰᠤ ᠪᠠᠷᠠᠭᠰᠠᠨ ᠰᠤᠲᠠᠨᠢ ᠶ᠋ᠢᠨ ᠬᠡᠷᠬᠡᠮ ᠊ᠢ ᠬᠠᠰᠤᠭᠰᠠᠨ ᠦᠭᠡᠢ ᠶᠤᠮ᠃ ᠮᠠᠨᠵᠤ ᠶ᠋ᠢᠨ ᠬᠠᠭᠠᠨ ᠠ᠋ᠴᠠ ᠰᠤᠲᠠᠨᠢ ᠶ᠋ᠢᠨ ᠬᠡᠷᠬᠡᠮ ᠊ᠢ ᠬᠠᠰᠤᠭᠤᠯᠬᠤ ᠶ᠋ᠢ ᠭᠡᠯᠲᠦᠷᠢᠭᠦᠯᠦᠭᠰᠡᠨ ᠪ ᠳᠠᠷᠠᠬ᠋᠎ᠠ᠂ ᠭᠣᠮᠪᠣᠵᠠᠪ ᠦ᠋ᠨ ᠡᠬᠡ ᠨᠢ ᠡᠨᠡ ᠵᠠᠪᠰᠢᠶᠠᠨ ᠊ᠢ ᠳᠠᠯᠢᠮᠳᠠᠭᠤᠯᠤᠨ ᠤᠲᠠᠷᠢ ᠶ᠋ᠢᠨ ᠶᠠᠪᠤᠲᠠᠯ ᠊ᠢ ᠭᠡᠷᠡᠴᠢᠯᠡᠨ ᠭᠠᠷᠭᠠᠬᠤ ᠶ᠋ᠢ ᠱᠠᠭᠠᠷᠲᠠᠨ ᠮᠠᠨᠵᠤ ᠶ᠋ᠢᠨ ᠵᠠᠰᠠᠭ ᠦ᠋ᠨ ᠭᠠᠵᠠᠷ ᠲᠦ ᠵᠠᠭᠠᠯᠲᠤᠵᠠᠢ᠃ ᠡᠨᠡ ᠲᠤᠬᠠᠢ 《 ᠢᠯᠡᠤᠠᠬᠡᠯ ᠱᠠᠰᠲᠢᠷ 》 ᠲᠤ ᠲᠡᠮᠲᠡᠭᠯᠡᠭᠰᠡᠨ ᠨᠢ ᠄ 《 ᠭᠤᠴᠢᠨ ᠨᠢᠭᠡᠲᠦᠭᠡᠷ ᠣᠨ (1692) ᠂ ᠰᠤᠲᠠᠨᠢ ᠶ᠋ᠢᠨ ᠳᠡᠭᠦᠦ ᠲᠤᠰᠠᠯᠠᠭᠴᠢ ᠲᠠᠶ᠋ᠢᠵᠢ ᠤᠲᠠᠷᠢ ᠶ᠋ᠢᠨ ᠭᠡᠷᠭᠡᠢ᠂ ᠤᠲᠠᠷᠢ ᠶ᠋ᠢ ᠴᠡᠭᠡᠨ ᠲᠠᠨ ᠪ ᠳᠡᠷᠰᠯᠡᠭᠦᠦ ᠳ᠋ᠤᠷ ᠨᠥᠬᠥᠴᠡᠷᠡ ᠣᠲᠤᠭᠰᠠᠨ ᠬᠡᠷᠡᠭ ᠊ᠢ ᠭᠡᠷᠡᠴᠢᠯᠡᠨ ᠭᠠᠷᠭᠠᠵᠤᠬᠤᠢ ᠬᠡᠮᠡᠨ ᠢᠯᠭᠠᠨ ᠬᠡᠯᠡᠯᠴᠡᠬᠦᠢ ᠶ᠋ᠢ ᠭᠤᠶᠤᠭᠰᠠᠨ ᠪ ᠬᠣᠶ᠋ᠢᠨ᠎ᠠ ᠭᠠᠲᠠᠭᠠᠲᠤ ᠮᠣᠩᠭᠣᠯ ᠦ᠋ᠨ ᠲᠥᠷᠥ ᠶ᠋ᠢ ᠵᠠᠰᠠᠬᠤ ᠶᠠᠮᠤᠨ ᠠ᠋ᠴᠠ ᠤᠲᠠᠷᠢ ᠦᠭᠡᠢ ᠪᠣᠯᠤᠭᠰᠠᠨ ᠪᠣᠯᠪᠠᠴᠤ ᠨᠡᠬᠡᠵᠦ ᠤᠯᠤᠰ ᠲᠤᠷ ᠲᠤᠰᠠᠯᠠᠭᠴᠢ ᠭᠦᠩ ᠡᠷᠭᠦᠮᠵᠢᠯᠡᠭᠡᠳ ᠲᠡᠭᠦᠨ ᠪ ᠬᠥᠪᠡᠭᠦᠨ ᠭᠦᠮᠪᠦᠵᠠᠪ ( ᠭᠣᠮᠪᠣᠵᠠᠪ ) ᠲᠣᠷ ᠵᠠᠯᠭᠠᠮᠵᠢᠯᠠᠰᠤᠭᠠᠢ ᠬᠡᠮᠡᠨ ᠬᠡᠯᠡᠯᠴᠡᠨ ᠠᠶ᠋ᠢᠯᠠᠤᠠᠬᠠᠭᠰᠠᠨ ᠳ᠋ᠤᠷ ᠶᠠᠪᠤᠭᠤᠯᠪᠠᠢ᠃ ᠬᠣᠶ᠋ᠢᠨ᠎ᠠ ᠵᠠᠯᠭᠠᠮᠵᠢᠯᠠᠬᠤ ᠶ᠋ᠢ ᠪᠠᠶ᠋ᠢᠯᠭᠠᠪᠠᠢ 》 ᠭᠡᠵᠡᠢ᠃
— — — —
①②③ 《 ᠢᠯᠡᠤᠠᠬᠡᠯ ᠱᠠᠰᠲᠢᠷ ᠂ ᠦᠵᠦᠮᠦᠴᠢᠨ ᠠᠶ᠋ᠢᠮᠠᠭ ᠦ᠋ᠨ ᠱᠠᠰᠲᠢᠷ ᠦ᠋ᠨ ᠬᠤᠷᠢᠶᠠᠩᠭᠤᠢ 》 ᠃
④ᠮᠠᠨᠵᠤ ᠶ᠋ᠢᠨ ᠬᠠᠭᠠᠨ ᠪ ᠡᠷᠭᠦᠮᠵᠢᠯᠡᠯ ᠦ᠋ᠨ ᠲᠠᠮᠠᠭᠠᠲᠤ ᠪᠢᠴᠢᠭ᠌ ᠃ ᠥᠪᠥᠷ ᠮᠣᠩᠭᠣᠯ ᠦ᠋ᠨ ᠨᠡᠶ᠋ᠢᠭᠡᠮ ᠦ᠋ᠨ ᠰᠢᠨᠵᠢᠯᠡᠬᠦᠢ ᠤᠬᠠᠭᠠᠨ ᠪ ᠬᠦᠷᠢᠶᠡᠯᠡᠩ ᠦ᠋ᠨ ᠮᠣᠩᠭᠣᠯ ᠨᠣᠮ ᠦ᠋ᠨ ᠰᠠᠩ ᠳᠤ ᠪᠤᠢ ᠃
ᠡᠨᠡ ᠲᠡᠮᠲᠡᠭᠯᠡᠯ ᠡᠴᠡ ᠦᠵᠡᠪᠡᠯ᠂ ᠦᠵᠦᠮᠦᠴᠢᠨ ᠪᠠᠷᠠᠭᠤᠨ ᠭᠠᠷᠤᠨ ᠬᠤᠰᠢᠭᠤᠨ ᠪ ᠵᠠᠰᠠᠭ ᠸᠠᠩ ᠰᠣᠲᠠᠨᠢ ᠪᠠ ᠲᠡᠭᠦᠨ ᠪ ᠣᠶ᠋ᠢᠷ᠎ᠠ ᠲᠥᠷᠥᠯ ᠵᠢᠴᠢ ᠲᠡᠭᠦᠨ ᠪ ᠳᠡᠭᠦᠦ ᠲᠤᠰᠠᠯᠠᠭᠴᠢ ᠲᠠᠶ᠋ᠢᠵᠢ ᠤᠲᠠᠷᠢ ᠨᠠᠷ ᠭᠠᠯᠲᠠᠨ ᠪ ᠲᠡᠮᠡᠴᠡᠯ ᠊ᠢ ᠰᠠᠮ ᠶ᠋ᠢᠠᠷ ᠳᠡᠮᠵᠢᠵᠦ ᠪᠠᠶ᠋ᠢᠬᠰᠠᠨ ᠨᠢ ᠲᠡᠦᠬᠡ ᠶ᠋ᠢᠨ ᠦᠨᠡᠨ ᠬᠡᠷᠡᠭ ᠪᠣᠯᠬᠤ ᠶᠤᠮ ᠪᠠᠶ᠋ᠢᠨ᠎ᠠ᠃ ᠶᠠᠭ ᠡᠶ᠋ᠢᠮᠦ ᠡᠴᠡ ᠭᠣᠮᠪᠣᠵᠠᠪ ᠦ᠋ᠨ ᠡᠬᠡ ᠶ᠋ᠢᠨ ᠵᠠᠭᠠᠯᠲᠤᠯᠬ᠋ᠠ ᠪᠠᠷ ᠬᠡᠲᠦᠶ᠋ᠢᠪᠡᠷ ᠲᠤᠰᠠᠯᠠᠭᠴᠢ ᠲᠠᠶ᠋ᠢᠵᠢ ᠤᠲᠠᠷᠢ ᠳᠤ ᠤᠯᠤᠰ ᠲᠤᠷ ᠲᠤᠰᠠᠯᠠᠭᠴᠢ ᠭᠦᠩ ᠨᠡᠬᠡᠵᠦ ᠡᠷᠭᠦᠮᠵᠢᠯᠡᠭᠰᠡᠨ ᠪᠠ ᠭᠣᠮᠪᠣᠵᠠᠪ ᠦ᠋ᠨ ᠭᠦᠩ ᠵᠠᠯᠭᠠᠮᠵᠢᠯᠠᠬᠤ ᠶ᠋ᠢ ᠵᠥᠪᠰᠢᠶᠡᠷᠡᠭᠰᠡᠨ ᠴᠤ᠌ 《 ᠬᠣᠶ᠋ᠢᠨ᠎ᠠ ᠵᠠᠯᠭᠠᠮᠵᠢᠯᠠᠬᠤ ᠶ᠋ᠢ ᠪᠠᠶ᠋ᠢᠯᠭᠠᠭᠰᠠᠨ 》 ᠠᠵᠢ᠃ ᠣᠲᠣᠬᠠᠨ ᠪ ᠦᠵᠦᠮᠦᠴᠢᠨ ᠨᠤᠲᠤᠭ ᠦ᠋ᠨ ᠨᠠᠰᠤᠲᠠᠨ ᠨᠠᠷ ᠦ᠋ᠨ ᠶᠠᠷᠢᠶᠠᠨ ᠳᠤ 《 ᠦᠵᠦᠮᠦᠴᠢᠨ ᠸᠠᠩ ᠬᠣᠶᠠᠷ ᠲᠣᠯᠣᠭᠠᠢ ᠲᠠᠢ ᠮᠣᠷᠢ ᠤᠨᠤᠵᠤ ᠪᠠᠶ᠋ᠢᠯ᠎ᠠ 》ᠭᠡᠵᠦ ᠬᠡᠯᠡᠯᠴᠡᠳᠡᠭ ᠨᠢ ᠮᠥᠨ ᠴᠤ᠌ ᠲᠤᠬᠠᠢ ᠶ᠋ᠢᠨ ᠦᠶ᠎ᠡ ᠶ᠋ᠢᠨ ᠪᠣᠲᠠᠲᠤ ᠪᠠᠶ᠋ᠢᠲᠠᠯ ᠊ᠢ ᠳᠤᠰᠬᠠᠭᠰᠠᠨ ᠪᠣᠯᠤᠨ᠎ᠠ᠃ ᠮᠠᠨᠵᠤ ᠴᠢᠩ ᠦ᠋ᠨ ᠵᠠᠰᠠᠭ ᠦ᠋ᠨ ᠭᠠᠵᠠᠷ ᠦ᠋ᠨ ᠴᠢᠩᠬ᠋᠎ᠠ ᠰᠢᠷᠦᠭᠦᠨ ᠬᠢᠨᠠᠯᠲᠠ ᠶ᠋ᠢᠨ ᠳᠣᠣᠷ᠎ᠠ ᠦᠵᠦᠮᠦᠴᠢᠨ ᠬᠣᠰᠢᠭᠤᠨ ᠪ ᠵᠠᠰᠠᠭ — ᠭᠣᠮᠪᠣᠵᠠᠪ ᠦ᠋ᠨ ᠭᠡᠷ ᠦ᠋ᠨ ᠬᠢᠨ᠂ ᠭᠠᠯᠲᠠᠨ ᠪ ᠲᠡᠮᠡᠴᠡᠯ ᠊ᠢ ᠢᠯᠡ ᠰᠢᠭᠤᠳ ᠳᠡᠮᠵᠢᠬᠦ ᠶ᠋ᠢᠨ ᠠᠷᠬ᠋᠎ᠠ ᠦᠭᠡᠢ ᠪᠠᠶ᠋ᠢᠬᠰᠠᠨ ᠪᠠᠶ᠋ᠢᠵᠠᠢ᠃
ᠡᠩᠬᠡ ᠠᠮᠤᠭᠤᠯᠠᠩ ᠬᠠᠭᠠᠨ ᠪ ᠦᠶ᠎ᠡ (1662 —1722 ) ᠳᠤ ᠭᠣᠮᠪᠣᠵᠠᠪ ᠪᠡᠭᠡᠵᠢᠩ ᠳᠤ ᠣᠴᠢᠵᠤ ᠬᠠᠭᠠᠨ ᠪ ᠣᠷᠲᠣᠨ ᠳᠣᠲᠣᠷ᠎ᠠ᠂ ᠥᠪᠡᠷ ᠦ᠋ᠨ ᠶ᠋ᠢᠡᠨ ᠬᠡᠯᠡ ᠦᠰᠦᠭ ᠲᠤ᠌ ᠨᠡᠪᠲᠡᠷᠡᠵᠦ᠂ ᠲᠥᠪᠡᠳ ᠬᠡᠯᠡ ᠦᠰᠦᠭ ᠰᠠᠶ᠋ᠢᠨ ᠮᠡᠳᠡᠳᠡᠭ ᠨᠡᠷᠡᠲᠦ ᠬᠥᠮᠦᠨ ᠪᠣᠯᠵᠠᠢ᠃ ᠲᠡᠷᠡ ᠨᠠᠶ᠋ᠢᠷᠠᠯᠲᠤ ᠲᠥᠪ ᠬᠠᠭᠠᠨ (1723 —1735 ) ᠪ ᠦᠶ᠎ᠡ ᠡᠴᠡ ᠡᠬᠢᠯᠡᠨ ᠪᠡᠭᠡᠵᠢᠩ ᠳ᠋ᠡᠬᠢ ᠲᠠᠩᠭᠤᠳ ᠪᠢᠴᠢᠭ᠌ ᠦ᠋ᠨ ᠰᠤᠷᠭᠠᠭᠤᠯᠢ ᠶ᠋ᠢᠨ ᠨᠡᠶ᠋ᠢᠲᠡ ᠵᠠᠬᠢᠷᠤᠨ ᠰᠤᠷᠭᠠᠭᠴᠢ ᠪᠠᠷ ᠠᠵᠢᠯᠯᠠᠵᠤ ᠪᠠᠶ᠋ᠢᠬᠰᠠᠨ ᠶᠤᠮ᠃ ᠪᠡᠭᠡᠵᠢᠩ ᠳ᠋ᠡᠬᠢ ᠲᠠᠩᠭᠤᠳ ᠪᠢᠴᠢᠭ᠌ ᠦ᠋ᠨ ᠰᠤᠷᠭᠠᠭᠤᠯᠢ ᠪᠣᠯ ᠡᠶᠡᠪᠡᠷ ᠵᠠᠰᠠᠭᠴᠢ ᠶ᠋ᠢᠨ ᠠᠷᠪᠠᠨ ᠳᠥᠷᠪᠡᠳᠦᠭᠡᠷ ᠣᠨ (1657 ) ᠳᠤ ᠪᠠᠶ᠋ᠢᠭᠤᠯᠤᠭᠲᠠᠨ ᠭᠠᠲᠠᠭᠠᠲᠤ ᠮᠣᠩᠭᠣᠯ ᠊ᠢ ᠵᠠᠰᠠᠬᠤ ᠬᠦᠷᠢᠶᠡᠯᠡᠩ ᠳᠤ ᠬᠠᠮᠢᠶᠠᠷᠤᠭᠲᠠᠵᠤ ᠪᠠᠶ᠋ᠢᠬᠰᠠᠨ ᠶᠤᠮ᠃
ᠡᠨᠡ ᠰᠤᠷᠭᠠᠭᠤᠯᠢ ᠨᠢ ᠭᠣᠣᠯᠲᠠᠭᠤ ᠮᠣᠩᠭᠣᠯ ᠮᠠᠨᠵᠤ ᠬᠤᠰᠢᠭᠤᠨ ᠠ᠋ᠴᠠ ᠬᠥᠮᠦᠨ ᠰᠣᠩᠭᠣᠨ ᠲᠣᠮᠢᠯᠠᠵᠤ ᠲᠠᠩᠭᠤᠳ ᠪᠢᠴᠢᠭ᠌ ᠰᠤᠷᠭᠠᠲᠠᠭ ᠪᠠᠶ᠋ᠢᠵᠠᠢ᠃ ᠡᠨᠡ ᠰᠤᠷᠭᠠᠭᠤᠯᠢ ᠨᠢ ᠲᠡᠭᠷᠢ ᠲᠡᠳᠬᠦᠭᠴᠢ ᠶ᠋ᠢᠨ ᠲᠠᠪᠢᠲᠤᠭᠠᠷ ᠣᠨ (1785) ᠳᠤ ᠲᠥᠪᠡᠳ ᠡᠴᠡ ᠰᠤᠷᠤᠭᠴᠢ ᠠᠪᠴᠢᠷᠠᠨ ᠰᠤᠷᠤᠯᠴᠠᠭᠤᠯᠬᠤ ᠪᠣᠯᠵᠠᠢ᠃ ᠨᠠᠶ᠋ᠢᠷᠠᠯᠲᠤ ᠲᠥᠪ ᠦ᠋ᠨ ᠭᠤᠲᠠᠭᠠᠷ ᠣᠨ (1725 ) ᠳᠤ ᠲᠡᠷᠡ 《 ᠭᠠᠩᠬ᠋᠎ᠠ ᠶ᠋ᠢᠨ ᠤᠷᠤᠰᠬᠠᠯ 》 ᠶ᠋ᠢᠠᠨ ᠪᠢᠴᠢᠵᠦ ᠲᠡᠭᠦᠰᠬᠡᠬᠦ ᠳᠤ 《 ᠰᠤᠷᠭᠠᠭᠤᠯᠢ ᠶ᠋ᠢᠨ ᠨᠡᠶ᠋ᠢᠲᠡ ᠵᠠᠬᠢᠷᠤᠨ ᠰᠤᠷᠭᠠᠭᠴᠢ 》 ᠪᠠᠶ᠋ᠢᠬᠰᠠᠨ ᠪᠠ ᠮᠠᠨᠵᠤ ᠴᠢᠩ ᠤᠯᠤᠰ ᠦ᠋ᠨ ᠰᠡᠭᠦᠯᠴᠢ ᠦᠶ᠎ᠡ ᠶ᠋ᠢᠨ ᠬᠥᠮᠦᠨ ᠪᠣᠯᠬᠤ ᠵᠡᠭᠦᠨ ᠪᠠᠭᠠᠷᠢᠨ ᠪ ᠠᠭᠤᠢ ᠶ᠋ᠢᠨ ᠰᠦᠮ᠎ᠡ ᠶ᠋ᠢᠨ ᠯᠠᠮᠠ ᠳ᠋ᡁᠷᠮᠠ ᠳ᠋ᠠᠯᠠᠢ ᠶ᠋ᠢᠨ ᠲᠥᠪᠡᠳ ᠬᠡᠯᠡ ᠳᠡᠭᠡᠷ᠎ᠡ ᠵᠣᠬᠢᠶᠠᠭᠰᠠᠨ 《 ᠴᠠᠭᠠᠨ ᠯᠢᠩᠬᠤ᠎ᠠ ᠶ᠋ᠢᠨ ᠡᠷᠢᠬᠢᠰ 》① ᠬᠡᠮᠡᠬᠦ ᠰᠤᠲᠤᠷ ᠲᠤ᠌ ᠲᠡᠮᠲᠡᠭᠯᠡᠭᠰᠡᠨ ᠊ᠢ ᠦᠨᠲᠦᠰᠦᠯᠡᠪᠡᠯ1749 ᠣᠨ ᠳᠤ 《 ᠳ᠋ᠠᠨᠵᠤᠤᠷ 》 ( ᠮᠣᠩᠭᠣᠯ ᠶ᠋ᠢᠠᠷ ᠱᠠᠰᠲᠢᠷ ᠦ᠋ᠨ ᠣᠷᠴᠢᠭᠤᠯᠬ᠋ᠠ ᠭᠡᠰᠡᠨ ᠦᠭᠡ ) ᠊ᠢ ᠣᠷᠴᠢᠭᠤᠯᠵᠤ ᠲᠡᠭᠦᠰᠬᠦ ᠳᠤ ᠭᠣᠮᠪᠣᠵᠠᠪ ᠮᠥᠨ ᠴᠤ᠌ 《 ᠲᠠᠩᠭᠤᠳ ᠪᠢᠴᠢᠭ᠌ ᠦ᠋ᠨ ᠰᠤᠷᠭᠠᠭᠤᠯᠢ ᠶ᠋ᠢᠨ ᠪᠦᠭᠦᠲᠡ ᠶ᠋ᠢ ᠵᠠᠬᠢᠷᠤᠭᠴᠢ ᠰᠠᠶ᠋ᠢᠳ 》 ᠪᠠᠶ᠋ᠢᠬᠰᠠᠨ ᠪᠠᠶ᠋ᠢᠵᠠᠢ᠃ ᠡᠶ᠋ᠢᠮᠦ ᠡᠴᠡ ᠮᠣᠩᠭᠣᠯ ᠦ᠋ᠨ ᠲᠡᠦᠬᠡ ᠶ᠋ᠢᠨ ᠰᠤᠷᠪᠤᠯᠵᠢ ᠪᠢᠴᠢᠭ᠌ ᠲᠤ᠌ ᠪᠦᠷ 《 ᠲᠥᠪᠡᠳ ᠰᠤᠷᠭᠠᠭᠤᠯᠢ ( ᠲᠠᠩᠭᠤᠳ ᠪᠢᠴᠢᠭ᠌ ᠦ᠋ᠨ ᠰᠤᠷᠭᠠᠭᠤᠯᠢ ) ᠶ᠋ᠢᠨ ᠲᠡᠷᠢᠭᠦᠨ ᠠᠮᠪᠠᠨ 》② ᠭᠡᠵᠦ ᠲᠡᠮᠲᠡᠭᠯᠡᠵᠦ ᠢᠷᠡᠭᠰᠡᠨ ᠶᠤᠮ᠃ ᠵᠥᠪᠯᠡᠯᠲᠦ ᠬᠣᠯᠪᠣᠭᠠᠲᠤ ᠤᠯᠤᠰ ᠦ᠋ᠨ ᠮᠣᠩᠭᠣᠯᠴᠢ ᠡᠷᠲᠡᠮᠲᠡᠨ ᠯ ·ᠰ · ᠫᠦᠴᠺᠥᠸᠰᠺᠢ ᠠᠪᠤᠭᠠᠢ 《 ᠭᠠᠩᠬ᠋᠎ᠠ ᠶ᠋ᠢᠨ ᠤᠷᠤᠰᠬᠠᠯ 》 ᠦ᠋ᠨ ᠮᠣᠰᠺᠸᠠ ᠶ᠋ᠢᠨ ᠬᠡᠪᠯᠡᠯ ᠦ᠋ᠨ ᠤᠲᠤᠷᠢᠤᠠᠬᠠᠯ ᠳᠤ ᠭᠣᠮᠪᠣᠵᠠᠪ ᠭᠦᠩ ᠪᠡᠭᠡᠵᠢᠩ ᠦ᠋ᠨ ᠲᠠᠩᠭᠤᠳ ᠪᠢᠴᠢᠭ᠌ ᠦ᠋ᠨ ᠰᠤᠷᠭᠠᠭᠤᠯᠢ ᠳᠤ ᠬᠡᠲᠦᠨ ᠵᠢᠯ ᠠᠵᠢᠯᠯᠠᠭᠰᠠᠨ ᠪᠠ ᠲᠡᠭᠦᠨ ᠪ ᠠᠯᠢᠪᠠ ᠣᠯᠠᠨ ᠡᠷᠲᠡᠮ ᠰᠢᠨᠵᠢᠯᠡᠭᠡᠨ ᠪ ᠵᠣᠬᠢᠶᠠᠯ ᠪᠦᠲᠦᠭᠡᠯ ᠶ᠋ᠢᠡᠨ《 ᠲᠥᠪᠡᠳ ᠰᠤᠷᠭᠠᠭᠤᠯᠢ ᠶ᠋ᠢᠨ ᠨᠡᠶ᠋ᠢᠲᠡ ᠵᠠᠬᠢᠷᠤᠨ ᠰᠤᠷᠭᠠᠭᠴᠢ ᠶ᠋ᠢᠨ ᠲᠤᠰᠢᠶᠠᠯ ᠡᠴᠡ ᠪᠡᠨ
— — — —
①1889 ᠣᠨ ᠳᠤ ᠵᠣᠬᠢᠶᠠᠵᠠᠢ ᠃ ᠡᠨᠡ ᠨᠣᠮ ᠊ᠢ 1957 ᠣᠨ ᠳᠤ ᠰᠧᠷᠢᠨᠣᠶ᠋ᠢᠷᠥ᠋ᠪ ᠠᠪᠤᠭᠠᠢ ᠲᠥᠪᠡᠳ ᠬᠡᠯᠡ ᠡᠴᠡ ᠮᠣᠩᠭᠣᠯ ᠬᠡᠯᠡ ᠳᠡᠭᠡᠷ᠎ᠡ ᠣᠷᠴᠢᠭᠤᠯᠵᠠᠢ ᠃ ᠣᠷᠴᠢᠭᠤᠯᠤᠭᠰᠠᠨ ᠡᠬᠡ ᠨᠣᠣᠷᠠᠭ ᠨᠢ ᠥᠪᠥᠷ ᠮᠣᠩᠭᠣᠯ ᠦ᠋ᠨ ᠨᠡᠶ᠋ᠢᠭᠡᠮ ᠦ᠋ᠨ ᠰᠢᠨᠵᠢᠯᠡᠬᠦᠢ ᠤᠬᠠᠭᠠᠨ ᠪ ᠬᠦᠷᠢᠶᠡᠯᠡᠩ ᠦ᠋ᠨ ᠮᠣᠩᠭᠣᠯ ᠨᠣᠮ ᠦ᠋ᠨ ᠰᠠᠩ ᠳᠤ ᠪᠤᠢ ᠃
② ᠷᠠᠰᠢᠫᠣᠩᠰᠣᠭ ᠄ 《 ᠪᠣᠯᠣᠷ ᠡᠷᠢᠭᠡ 》
ᠤᠭᠴᠠᠷᠠᠭᠰᠠᠨ ᠪ ᠬᠣᠶ᠋ᠢᠨ᠎ᠠ 》 ① ᠪᠢᠴᠢᠯ᠎ᠡ ᠭᠡᠵᠦ ᠦᠵᠡᠭᠰᠡᠨ ᠦᠵᠡᠯᠲᠡ ᠨᠢ ᠮᠣᠩᠭᠣᠯ ᠰᠤᠷᠪᠤᠯᠵᠢ ᠶ᠋ᠢᠨ ᠲᠡᠮᠲᠡᠭᠯᠡᠯ ᠲᠡᠢ ᠨᠡᠶ᠋ᠢᠴᠡᠬᠦ ᠦᠭᠡᠢ ᠶᠤᠮ ᠃ ᠣᠲᠣ ᠪᠠᠷ ᠶ᠋ᠢᠠᠨ ᠤᠯᠲᠠᠭᠰᠠᠨ ᠮᠣᠩᠭᠣᠯ ᠦ᠋ᠨ ᠲᠡᠦᠬᠡᠨ ᠰᠤᠷᠪᠤᠯᠵᠢ ᠪᠢᠴᠢᠭ᠌ ᠦ᠋ᠨ ᠲᠡᠮᠲᠡᠭᠯᠡᠯ ᠡᠴᠡ ᠦᠵᠡᠬᠦ ᠳᠤ ᠭᠣᠮᠪᠤᠵᠠᠪ ᠪᠡᠭᠡᠵᠢᠩ ᠳ᠋ᠡᠬᠢ ᠲᠠᠩᠭᠤᠳ ᠪᠢᠴᠢᠭ᠌ ᠦ᠋ᠨ ᠰᠤᠷᠭᠠᠭᠤᠯᠢ ᠶ᠋ᠢᠨ ᠨᠠᠶ᠋ᠢᠲᠠ ᠵᠠᠬᠢᠷᠤᠨ ᠰᠤᠷᠭᠠᠭᠴᠢ ᠶ᠋ᠢᠨ ᠲᠤᠰᠢᠶᠠᠯ ᠳᠤ ᠬᠣᠷᠢᠭᠠᠳ ᠢᠯᠡᠭᠦᠦ ᠵᠢᠯ ᠶᠠᠪᠤᠭᠰᠠᠨ ᠨᠢ ᠯᠠᠪᠲᠠᠢ ᠶᠤᠮ᠃ ᠡᠶ᠋ᠢᠮᠦ ᠡᠴᠡ ᠲᠡᠬᠦᠨ ᠪ ᠨᠠᠰᠤᠨ ᠲᠤᠷᠰᠢᠲᠠ ᠶ᠋ᠢᠨ ᠵᠢᠤᠠᠬᠦᠯ ᠴᠢᠷᠮᠠᠶ᠋ᠢᠯᠬ᠋ᠠ ᠪᠠᠷ ᠣᠯᠤᠭᠰᠠᠨ ᠵᠣᠬᠢᠶᠠᠯ ᠪᠦᠲᠦᠭᠡᠯ ᠨᠢ ᠮᠥᠨ ᠴᠤ᠌ ᠡᠨᠡ ᠦᠶ᠎ᠡ ᠶ᠋ᠢᠨ ᠪᠦᠲᠦᠭᠡᠯ ᠪᠣᠯᠬᠤ ᠨᠢ ᠶᠠᠷᠢᠶᠠᠨ ᠦᠭᠡᠢ ᠶᠤᠮ ᠃
ᠡᠷᠬᠢᠮ ᠡᠷᠲᠡᠮᠲᠡᠨ ᠭᠣᠮᠪᠤᠵᠠᠪ ᠨᠠᠰᠤᠨ ᠲᠤᠷᠰᠢ ᠶ᠋ᠢᠨ ᠬᠠᠲᠠᠭᠤᠵᠢᠯᠲᠠᠢ ᠵᠢᠤᠠᠬᠦᠯ ᠶ᠋ᠢᠡᠷ ᠬᠣᠶ᠋ᠢᠴᠢ ᠶ᠋ᠢᠨ ᠬᠥᠮᠦᠰ ᠪᠢᠲᠡᠨ ᠳᠤ ᠮᠠᠰᠢ ᠬᠣᠪᠣᠷ ᠂ ᠦᠨᠡᠲᠦ ᠵᠣᠬᠢᠶᠠᠯ ᠪᠦᠲᠦᠭᠡᠯ ᠦᠯᠡᠲᠡᠭᠡᠵᠦ ᠥᠭᠴᠡᠢ ᠃ ᠡᠭᠦᠨ ᠳᠤ ᠡᠩ ᠲᠡᠷᠢᠭᠦᠨ ᠳᠤ ᠳᠤᠷᠠᠳᠤᠭᠤᠰᠢᠲᠠᠢ ᠪᠥᠭᠡᠳ ᠪᠢᠲᠡ ᠣᠯᠠᠨ ᠪ ᠬᠦᠨᠲᠦᠤᠠᠬᠡᠨ ᠪᠢᠰᠢᠷᠡᠭᠦᠰᠢᠲᠡᠢ ᠵᠦᠢᠯ ᠭᠡᠪᠡᠯ ᠭᠣᠮᠪᠤᠵᠠᠪ ᠪᠣᠯ ᠮᠣᠩᠭᠣᠯ ᠂ ᠲᠥᠪᠡᠳ ᠂ ᠮᠠᠨᠵᠤ ᠂ ᠬᠢᠲᠠᠳ ᠳᠥᠷᠪᠡᠨ ᠬᠡᠯᠡ ᠶ᠋ᠢ ᠨᠡᠪᠲᠡᠷᠬᠡᠢ ᠰᠤᠷᠴᠤ ᠥᠪᠡᠷ ᠦ᠋ᠨ ᠲᠥᠷᠥᠯᠬᠢ ᠬᠡᠯᠡ ᠪᠡᠷ ᠶ᠋ᠢᠡᠨ ᠵᠣᠬᠢᠶᠠᠨ ᠪᠢᠴᠢᠬᠦ ᠠ᠋ᠴᠠ ᠭᠠᠲᠠᠨ᠎ᠠ ᠪᠤᠰᠤᠳ ᠦᠨᠲᠦᠰᠦᠲᠡᠨ ᠪ ᠦᠰᠦᠭ ᠪᠢᠴᠢᠭ᠌ ᠶ᠋ᠢᠡᠷ ᠵᠣᠬᠢᠶᠠᠨ ᠪᠢᠴᠢᠬᠦ ᠪᠠ ᠣᠷᠴᠢᠭᠤᠯᠬᠤ ᠠᠵᠢᠯ ᠊ᠢ ᠰᠠᠶ᠋ᠢᠲᠤᠷ ᠬᠢᠵᠦ ᠴᠢᠲᠠᠲᠠᠭ ᠠᠪᠢᠶᠠᠰ ᠪᠢᠯᠢᠭ᠌ ᠲᠡᠢ ᠬᠡᠯᠡ ᠪᠠ ᠲᠡᠦᠬᠡ ᠶ᠋ᠢᠨ ᠡᠷᠲᠡᠮᠲᠡᠨ ᠶᠤᠮ ᠃ ᠡᠨᠡ ᠲᠤᠬᠠᠢ ᠬᠦᠦᠰᠢ ᠳ᠋ᠠᠷᠮ᠎ᠠ《 ᠠᠯᠲᠠᠨ ᠤᠷᠤᠭ ᠲᠠᠨ ᠪ ᠳᠤᠲᠠ ᠲᠡᠦᠬᠡ 》② ᠬᠡᠬᠦ ᠲᠡᠦᠬᠡᠨ ᠵᠣᠬᠢᠶᠠᠯ ᠳ᠋ᠠᠭᠠᠨ ᠄ 《 ᠲᠠᠪᠤᠲᠤᠭᠠᠷ ᠳᠡᠭᠦᠦ ᠤᠲᠠᠷᠢ ᠭᠦᠩ ᠡᠴᠡ ᠳᠣᠲᠣᠷ᠎ᠠ ᠣᠷᠣᠭᠰᠠᠨ ᠲᠥᠪᠡᠳ ᠰᠤᠷᠭᠠᠭᠤᠯᠢ ᠶ᠋ᠢᠨ ᠲᠡᠷᠢᠭᠦᠨ ᠠᠮᠪᠠᠨ ᠪᠣᠯᠤᠭᠰᠠᠨ ᠣᠵᠣ ( ᠮᠠᠨᠵᠤ ᠦᠭᠡ ᠂ ᠲᠡᠷᠢᠭᠦᠨ ᠵᠡᠷᠭᠡ ᠶ᠋ᠢᠨ ᠨᠣᠶᠠᠨ ) ᠵᠡᠷᠭᠡ ᠲᠠᠶ᠋ᠢᠵᠢ ᠳᠥᠷᠪᠡᠨ ᠬᠡᠯᠡᠲᠦ ᠭᠣᠮᠪᠤᠵᠠᠪ 》 ᠭᠡᠵᠦ ᠬᠡᠲᠦ ᠬᠡᠲᠦᠨ ᠤᠭᠰᠠᠭᠠᠨ ᠪ ᠬᠡᠯᠡ ᠶ᠋ᠢ ᠨᠡᠪᠲᠡᠷᠬᠡᠢ ᠮᠡᠳᠡᠳᠡᠭ ᠊ᠢ ᠪᠢᠰᠢᠷᠡᠨ ᠲᠡᠮᠲᠡᠭᠯᠡᠵᠡᠢ᠃ ᠮᠥᠨ ᠪᠠᠰᠠ ᠯ ᠂ ᠰ ᠂ ᠫᠦᠴᠺᠦᠸᠰᠺᠢ ᠠᠪᠤᠭᠠᠢ ᠶ᠋ᠢᠨ ᠮᠡᠲᠡᠭᠡᠯᠡᠭᠰᠡᠨ ᠡᠴᠡ ᠦᠵᠡᠪᠡᠯ ᠂ 《 ᠳᠤᠮᠳᠠᠳᠤ ᠤᠯᠤᠰ ᠲᠤ᠌ ᠪᠤᠷᠬᠠᠨ ᠪ ᠱᠠᠵᠢᠨ ᠳᠡᠯᠭᠡᠷᠡᠭᠰᠡᠨ ᠲᠡᠦᠬᠡ 》 ᠬᠡᠮᠡᠬᠦ ᠲᠥᠪᠡᠳ ᠬᠡᠯᠡ ᠳᠡᠭᠡᠷ᠎ᠡ ᠪᠢᠴᠢᠭᠳᠡᠭᠰᠡᠨ ᠵᠣᠬᠢᠶᠠᠯ ᠦ᠋ᠨ ᠵᠣᠬᠢᠶᠠᠭᠴᠢ ᠶ᠋ᠢᠨ ᠨᠡᠷ᠎ᠡ ᠶ᠋ᠢ 《 ᠴᠢᠩᠭᠢᠰ ᠬᠠᠭᠠᠨ ᠪ ᠤᠭᠰᠠᠬ᠋ᠠ ᠡᠴᠡ
— — — —
① 《 ᠭᠠᠩᠬ᠋᠎ᠠ ᠶ᠋ᠢᠨ ᠤᠷᠤᠰᠬᠠᠯ 》 ᠊ᠢ ᠮᠣᠰᠺᠸᠠ ᠳᠤ1960 ᠣᠨ ᠳᠤ ᠬᠡᠷᠡᠯ ᠵᠢᠷᠤᠭ ᠶ᠋ᠢᠠᠷ ᠬᠡᠪᠯᠡᠭᠦᠯᠦᠭᠰᠡᠨ ᠪ ᠤᠲᠤᠷᠢᠤᠠᠬᠠᠯ
② 1739ᠣᠨ ᠳᠤ ᠵᠣᠬᠢᠶᠠᠭᠲᠠᠪᠠ ᠃ ᠪᠠᠰᠠ《 ᠠᠯᠲᠠᠨ ᠬᠦᠷᠲᠦᠨ ᠮᠢᠩᠭᠠᠨ ᠬᠡᠭᠡᠰᠦᠲᠦ ᠨᠡᠷᠡᠲᠦ ᠪᠢᠴᠢᠭ᠌ 》 ᠭᠡᠨ᠎ᠡ ᠃
ᠡᠭᠦᠰᠦᠭᠰᠡᠨ ᠳᠥᠷᠪᠡᠨ ᠬᠡᠯᠡ ᠮᠡᠳᠡᠳᠡᠭ ᠮᠣᠩᠭᠣᠯ ᠭᠣᠮᠪᠣᠵᠠᠪ 》① ᠭᠡᠵᠦ ᠲᠡᠮᠲᠡᠭᠯᠡᠵᠦ ᠪᠠᠶ᠋ᠢᠨ᠎ᠠ ᠭᠡᠨ᠎ᠡ᠃
ᠬᠡᠲᠦ ᠬᠡᠲᠦᠨ ᠤᠭᠰᠠᠭᠠᠨ ᠪ ᠬᠡᠯᠡ ᠦᠰᠦᠭ ᠊ᠢ ᠮᠡᠳᠡᠳᠡᠭ ᠡᠷᠬᠢᠮ ᠡᠷᠲᠡᠮᠲᠡᠨ ᠭᠣᠮᠪᠣᠵᠠᠪ ᠂ ᠲᠡᠭᠦᠨ ᠪ ᠡᠷᠲᠡᠮ ᠰᠢᠨᠵᠢᠯᠡᠭᠡᠨ ᠪ ᠠᠵᠢᠯ ᠳ᠋ᠠᠭᠠᠨ ᠮᠣᠩᠭᠣᠯ ᠪᠠ ᠲᠥᠪᠡᠳ ᠤᠤᠠᠬ᠎ᠠ ᠰᠣᠶᠣᠯ ᠦ᠋ᠨ ᠬᠠᠷᠢᠯᠴᠠᠭᠠᠨ ᠪ ᠠᠵᠢᠯ ᠊ᠢ ᠬᠥᠭᠵᠢᠭᠦᠯᠬᠦ ᠳᠤ ᠭᠠᠷᠮᠠᠭᠠᠢ ᠵᠢᠤᠠᠬᠦᠯ ᠦᠵᠡᠭᠦᠯᠦᠭᠰᠡᠨ ᠶᠤᠮ ᠃ ᠭᠣᠮᠪᠣᠵᠠᠪ ᠂ ᠠᠷᠪᠠᠨ ᠨᠠᠢ᠍ᠮᠠᠲᠤᠭᠠᠷ ᠵᠠᠭᠤᠨ ᠪ ᠳᠥᠴᠢᠭᠡᠳ ᠣᠨ ᠪ ᠦᠶ᠎ᠡ ᠪᠡᠷ 《 ᠲᠥᠪᠡᠳ ᠦ᠋ᠨ ᠬᠡᠯᠡ ᠶ᠋ᠢ ᠬᠢᠯᠪᠠᠷ ᠶ᠋ᠢᠠᠷ ᠰᠤᠷᠬᠤ ᠨᠡᠷᠡᠲᠦ ᠪᠢᠴᠢᠭ᠌ 》② ( ᠲᠥᠪᠡᠳ ᠶ᠋ᠢᠡᠷ ᠲᠤᠭᠪᠠᠷ ᠯᠠᠸᠠ ᠭᠡᠳᠡᠭ) ᠭᠡᠳᠡᠭ ᠲᠥᠪᠡᠳ — ᠮᠣᠩᠭᠣᠯ ᠲᠣᠯᠢ ᠪᠢᠴᠢᠭ᠌ ᠨᠠᠶ᠋ᠢᠷᠠᠭᠤᠯᠤᠨ ᠵᠣᠬᠢᠶᠠᠵᠤ᠂ ᠡᠨᠡ ᠠᠵᠢᠯ ᠊ᠢ ᠬᠢᠬᠦ ᠳ᠋ᠡᠭᠡᠨ ᠮᠠᠰᠢ ᠶᠡᠬᠡ ᠬᠦᠴᠦᠨ ᠴᠢᠲᠠᠯ ᠊ᠢ ᠰᠢᠪᠬᠠᠨ ᠬᠢᠨᠠᠮᠠᠭᠠᠢ ᠰᠠᠶ᠋ᠢᠨ ᠤᠷᠤᠯᠲᠤᠨ ᠬᠣᠶ᠋ᠢᠨ᠎ᠠ ᠡᠮᠦᠨ᠎ᠡ 《 ᠭᠤᠷᠪᠠᠨᠲᠠ ᠰᠢᠭᠦᠵᠦ ᠵᠠᠰᠠᠭᠰᠠᠨ 》③ ᠪᠠᠶ᠋ᠢᠨ᠎ᠠ᠃ ᠡᠨᠡ ᠲᠣᠯᠢ ᠶ᠋ᠢ ᠭᠣᠮᠪᠣᠵᠠᠪ ᠠ᠋ᠴᠠ ᠬᠣᠶ᠋ᠢᠰᠢᠬᠢ ᠲᠤᠯᠢᠴᠢ ᠨᠠᠷ ᠲᠥᠪᠡᠳ — ᠮᠣᠩᠭᠣᠯ ᠲᠣᠯᠢ ᠨᠠᠶ᠋ᠢᠷᠠᠭᠤᠯᠬᠤ ᠳ᠋ᠠᠭᠠᠨ ᠴᠥᠮ ᠠᠰᠢᠬᠯᠠᠭᠰᠠᠭᠠᠷ ᠢᠷᠡᠵᠡᠢ ᠃ ᠵᠢᠱ᠌ᠢᠶᠡᠯᠡᠪᠡᠯ ᠄ ᠣᠷᠣᠰ ᠬᠥᠮᠦᠨ ᠱᠮᠢᠲᠠᠲ ᠠᠪᠤᠭᠠᠢ ᠶ᠋ᠢᠨ 《 ᠲᠥᠪᠡᠳ — ᠮᠣᠩᠭᠣᠯ ᠲᠣᠯᠢ 》 ᠂ ᠮᠣᠩᠭᠣᠯ ᠬᠥᠮᠦᠨ ᠺᠠᠨᠢᠲᠠ ᠶ᠋ᠢᠨ ᠵᠣᠬᠢᠶᠠᠭᠰᠠᠨ 《 ᠳᠣᠬᠢᠶᠠᠨ ᠪ ᠪᠢᠴᠢᠭ᠌ ᠳᠡᠯᠭᠡᠷᠡᠩᠭᠦᠢ ᠲᠣᠲᠣᠷᠬᠠᠢ ᠲᠣᠯᠢ 》 ᠵᠡᠷᠭᠡ ᠨᠢ ᠴᠥᠮ ᠭᠣᠮᠪᠣᠵᠠᠪ ᠦ᠋ᠨ ᠡᠨᠡ ᠲᠣᠯᠢ ᠶ᠋ᠢ ᠠᠰᠢᠬᠯᠠᠪᠠ ᠭᠡᠰᠡᠨ ᠶ᠋ᠢᠡᠨ ᠲᠡᠲᠡᠭᠡᠷ ᠡᠷᠲᠡᠮᠲᠡᠳ ᠥᠪᠡᠷ ᠦ᠋ᠨ ᠵᠣᠬᠢᠶᠠᠯ ᠳ᠋ᠠᠭᠠᠨ ᠮᠡᠲᠡᠷᠡᠨ ᠦᠨᠡᠮᠰᠢᠵᠦ ᠪᠠᠶ᠋ᠢᠲᠠᠭ ᠶᠤᠮ ᠃
— — — —
① 《 ᠭᠠᠩᠬ᠋᠎ᠠ ᠶ᠋ᠢᠨ ᠤᠷᠤᠰᠬᠠᠯ 》 ᠂1960 ᠣᠨ ᠪ ᠣᠷᠣᠰ ᠬᠡᠪᠯᠡᠯ ᠦ᠋ᠨ ᠤᠲᠤᠷᠢᠤᠠᠬᠠᠯ ᠦ᠋ᠨ ᠵᠢᠷᠭᠤᠲᠤᠭᠠᠷ ᠨᠢᠭᠤᠷ ᠲᠤ᠃
② ᠪᠠᠰᠠ 《 ᠮᠡᠲᠡᠬᠦᠶᠡ ᠬᠢᠯᠪᠠᠷ ᠳᠣᠬᠢᠶᠠᠨ ᠪ ᠪᠢᠴᠢᠭ᠌ 》 ᠭᠡᠳᠡᠭ ᠃1959 ᠣᠨ ᠳᠤ ᠲᠣᠷᠣᠩᠬ᠋ᠠ ᠠᠪᠤᠭᠠᠢ ᠮᠤᠤᠮᠢᠩᠭᠠᠨ ᠬᠤᠰᠢᠭᠤᠨ ᠪ ᠰᠢᠷ᠎ᠠ ᠴᠢᠯᠠᠭᠤᠨ ᠰᠦᠮ᠎ᠡ ᠡᠴᠡ ᠣᠯᠵᠤ ᠢᠷᠡᠭᠰᠡᠨ ᠲᠡᠷᠡ ᠳᠡᠪᠲᠡᠷ ᠦ᠋ᠨ ᠭᠠᠷᠴᠠᠭ ᠲᠤ《 ᠲᠥᠪᠡᠳ ᠦ᠋ᠨ ᠬᠡᠯᠡ ᠶ᠋ᠢ ᠬᠢᠯᠪᠠᠷ ᠶ᠋ᠢᠠᠷ ᠰᠤᠷᠬᠤ ᠨᠡᠷᠡᠲᠦ ᠪᠢᠴᠢᠭ᠌ 》 ᠭᠡᠵᠡᠢ ᠃ ᠡᠨᠡ ᠨᠣᠮ ᠡᠲᠦᠭᠡ ᠥᠪᠥᠷ ᠮᠣᠩᠭᠣᠯ ᠦ᠋ᠨ ᠨᠡᠶ᠋ᠢᠭᠡᠮ ᠦ᠋ᠨ ᠰᠢᠨᠵᠢᠯᠡᠬᠦᠢ ᠤᠬᠠᠭᠠᠨ ᠪ ᠬᠦᠷᠢᠶᠡᠯᠡᠩ ᠦ᠋ᠨ ᠮᠣᠩᠭᠣᠯ ᠨᠣᠮ ᠦ᠋ᠨ ᠰᠠᠩ ᠳᠤ ᠪᠤᠢ ᠃
③ ᠳᠣᠷᠵᠢ ᠄ 《 ᠲᠥᠪᠡᠳ ᠮᠣᠩᠭᠣᠯ ᠳᠣᠬᠢᠶᠠᠨ ᠪ ᠪᠢᠴᠢᠭ᠌ ᠂ ᠲᠡᠭᠦᠪᠦᠷᠢ ᠨᠡᠷᠡᠰ ᠦ᠋ᠨ ᠲᠤᠬᠠᠢ 》 ᠂ ᠬᠣᠷᠢᠨ ᠳᠥᠷᠪᠡᠳᠦᠭᠡᠷ ᠨᠢᠭᠤᠷ ᠂ ᠤᠯᠠᠭᠠᠨᠪᠠᠭᠠᠲᠤᠷ ᠦ᠋ᠨ ᠬᠡᠪᠯᠡᠯ ᠃
ᠳᠡᠯᠡᠬᠡᠢ ᠳ᠋ᠠᠬᠢᠨ᠎ᠠ ᠳᠠᠭᠤᠷᠢᠰᠤᠭᠰᠠᠨ ᠠᠪᠤᠷᠭᠤ ᠵᠣᠬᠢᠶᠠᠯ 《 ᠳ᠋ᠠᠨᠵᠤᠤᠷ 》 ᠊ᠢ ᠲᠥᠪᠡᠳ ᠬᠡᠯᠡ ᠡᠴᠡ ᠮᠣᠩᠭᠣᠯᠴᠢᠯᠠᠬᠤ ᠠᠵᠢᠯ ᠳᠤ ᠣᠷᠣᠯᠴᠠᠭᠰᠠᠨ ᠲᠡᠷᠡᠬᠦ ᠣᠯᠠᠨ ᠮᠣᠩᠭᠣᠯ ᠡᠷᠳᠡᠮᠲᠡᠨ ᠨᠠᠷ ᠦ᠋ᠨ ᠳᠣᠲᠣᠷ᠎ᠠ ᠭᠣᠮᠪᠣᠵᠠᠪ ᠦ᠋ᠨ ᠠᠯᠳᠠᠷ ᠮᠠᠰᠢ ᠬᠦᠨᠳᠦ ᠪᠠᠶ᠋ᠢᠲᠠᠭ ᠃ ᠵᠡᠭᠦᠨ ᠪᠠᠭᠠᠷᠢᠨ ᠪ ᠠᠭᠤᠢ ᠶ᠋ᠢᠨ ᠰᠦᠮ᠎ᠡ ᠶ᠋ᠢᠨ ᠯᠠᠮᠠ ᠳ᠋ᠠᡁᠷᠮᠠ ᠳ᠋ᠠᠯᠠᠢ ᠶ᠋ᠢᠨ ᠲᠥᠪᠡᠳ ᠬᠡᠯᠡ ᠳᠡᠭᠡᠷ᠎ᠡ ᠵᠣᠬᠢᠶᠠᠭᠰᠠᠨ 《 ᠴᠠᠭᠠᠨ ᠯᠢᠩᠬᠤ᠎ᠠ ᠶ᠋ᠢᠨ ᠡᠷᠢᠬᠢᠰ》 ᠬᠡᠮᠡᠬᠦ ᠰᠤᠳᠤᠷ ᠲᠤ᠌ 《 ᠳ᠋ᠠᠨᠵᠤᠤᠷ 》 ᠊ᠢ ᠣᠷᠴᠢᠭᠤᠯᠬᠤ ᠳᠤ ᠣᠷᠣᠯᠴᠠᠭᠰᠠᠨ ᠬᠥᠮᠦᠰ ᠦ᠋ᠨ ᠨᠤᠲᠤᠭ ᠤᠰᠤ ᠨᠡᠷ᠎ᠡ ᠵᠢᠯ ᠊ᠢ ᠳᠤᠷᠠᠳᠬᠤ ᠳ᠋ᠠᠭᠠᠨ᠂ ᠲᠣᠰ ᠣᠷᠴᠢᠭᠤᠯᠭ᠎ᠠ ᠶ᠋ᠢ ᠤᠳᠤᠷᠢᠳᠤᠭᠰᠠᠨ ᠵᠠᠩᠭᠢᠶ᠎ᠠ ᠬᠤᠲᠤᠭᠲᠤ ᠷᠣᠯᠪᠠᠲᠣᠷᠵᠢ ᠪᠠ ᠶᠡᠬᠡ ᠰᠢᠷᠡᠭᠡᠲᠦ ᠬᠤᠲᠤᠭᠲᠤ ᠯᠣᠪᠰᠠᠩᠲᠠᠮᠪᠢᠨᠢᠮᠠ ᠬᠡᠮᠡᠬᠦ 《 ᠬᠣᠶᠠᠷ ᠪᠣᠭᠳᠠ 》 ᠡᠴᠡ ᠭᠠᠳᠠᠨ᠎ᠠ ᠹᠥ᠋ ᠶ᠋ᠢᠨ ᠯᠠᠮᠠ ᠭᠡᠯᠦᠩ ᠰᠢᠷᠠᠪᠵᠠᠮᠰᠣ ᠶ᠋ᠢ ᠳᠤᠷᠠᠳᠤᠮᠠᠭᠴᠠ 《 ᠲᠠᠩᠭᠤᠳ ᠪᠢᠴᠢᠭ᠌ ᠦ᠋ᠨ ᠰᠤᠷᠭᠠᠭᠤᠯᠢ ᠶ᠋ᠢᠨ ᠪᠦᠭᠦᠲᠡ ᠶ᠋ᠢ ᠵᠠᠬᠢᠷᠤᠭᠴᠢ ᠰᠠᠶ᠋ᠢᠳ ᠲᠡᠷᠢᠭᠦᠨ ᠵᠡᠷᠭᠡ ᠶ᠋ᠢᠨ ᠲᠠᠶ᠋ᠢᠵᠢ ᠡᠹᠦ᠋ ᠦᠵᠦᠮᠦᠴᠢᠨ ᠭᠣᠮᠪᠣᠵᠠᠪ 》ᠭᠡᠵᠦ ᠣᠨᠴᠠᠯᠠᠨ ᠲᠡᠮᠳᠡᠭᠯᠡᠭᠰᠡᠨ ᠪᠠᠶ᠋ᠢᠲᠠᠭ᠃ 《ᠳ᠋ᠠᠨᠵᠤᠤᠷ 》 ᠊ᠢ ᠮᠣᠩᠭᠣᠯᠴᠢᠯᠠᠬᠤ ᠠᠵᠢᠯ ᠪᠣᠯ ᠭᠣᠮᠪᠣᠵᠠᠪ ᠬᠦᠩ ᠦ᠋ᠨ ᠦᠳᠡᠯ᠎ᠡ ᠨᠠᠰᠤᠨ ᠪ ᠴᠥᠬᠥᠷᠡᠰᠢ ᠥᠬᠡᠢ ᠵᠢᠳᠬᠦᠯ ᠦ᠋ᠨ ᠦᠷ᠎ᠡ ᠪᠦᠲᠦᠭᠡᠯ ᠪᠣᠯᠤᠨ ᠲᠡᠦᠬᠡᠨ ᠳᠤ ᠬᠣᠴᠣᠷᠤᠭᠰᠠᠨ ᠠᠵᠢ᠃ ᠡᠨᠡᠬᠦ 《 ᠳ᠋ᠠᠨᠵᠤᠤᠷ 》 ᠬᠡᠮᠡᠭᠴᠢ ᠮᠣᠩᠭᠣᠯ ᠶ᠋ᠢᠠᠷ ᠠᠷᠪᠠᠨ ᠲᠦᠮᠡ ᠨᠠᠢ᠍ᠮᠠᠨ ᠮᠢᠩᠭ᠎ᠠ ᠢᠯᠡᠭᠦᠦ ᠬᠠᠭᠤᠳᠠᠰᠤ ᠪᠠᠶ᠋ᠢᠵᠤ᠂ ᠲᠡᠳᠡᠭᠡᠷ ᠣᠯᠠᠨ ᠣᠷᠴᠢᠭᠤᠯᠤᠭᠴᠢ ᠨᠡᠷ 1742 ᠣᠨ ᠠ᠋ᠴᠠ1749 ᠣᠨ ᠪᠣᠯᠲᠠᠯ᠎ᠠ ᠨᠠᠢ᠍ᠮᠠᠨ ᠵᠢᠯ ᠤᠷᠤᠯᠳᠤᠵᠤ ᠲᠡᠭᠦᠰᠬᠡᠭᠰᠡᠨ ᠶᠤᠮ᠃ ᠭᠣᠮᠪᠣᠵᠠᠪ ᠡᠨᠡᠬᠦ ᠰᠢᠷᠭᠠᠭᠤ ᠬᠠᠲᠠᠭᠤ ᠠᠵᠢᠯ ᠳᠤ ᠣᠷᠣᠯᠴᠠᠬᠤ ᠶ᠋ᠢᠨ ᠤᠷᠢᠳ 《 ᠳ᠋ᠠᠨᠵᠤᠤᠷ 》 ᠊ᠢ ᠣᠷᠴᠢᠭᠤᠯᠬᠤ 《 ᠳᠣᠬᠢᠶᠠᠨ ᠪ ᠪᠢᠴᠢᠭ᠌ 》 ( ᠲᠣᠯᠢ ᠪᠢᠴᠢᠭ᠌ ) ᠪᠣᠯᠤᠭᠰᠠᠨ 《 ᠮᠡᠷᠭᠡᠳ ᠭᠠᠷᠬᠤ ᠶ᠋ᠢᠨ ᠣᠷᠣᠨ 》 ᠭᠡᠬᠦ ᠲᠥᠪᠡᠳ ᠮᠣᠩᠭᠣᠯ ᠨᠡᠷᠡᠰ ᠦᠭᠡ ᠶ᠋ᠢᠨ ᠲᠣᠯᠢ ᠶ᠋ᠢ ᠵᠣᠬᠢᠶᠠᠨ ᠨᠠᠢᠷᠠᠭᠤᠯᠬᠤ ᠠᠵᠢᠯ ᠊ᠢ 1740 — 1742 ᠣᠨ ᠪᠣᠯᠲᠠᠯ᠎ᠠ ᠮᠥᠨ ᠪᠣᠰᠣᠳ ᠡᠷᠳᠡᠮᠲᠡᠨ ᠪ ᠬᠠᠮᠲᠤ ᠬᠢᠵᠦ ᠲᠡᠭᠦᠰᠬᠡᠭᠰᠡᠨ ᠶᠤᠮ ᠃《 ᠮᠡᠷᠭᠡᠳ ᠭᠠᠷᠬᠤ ᠶ᠋ᠢᠨ ᠣᠷᠣᠨ 》 ᠭᠡᠬᠦ ᠲᠣᠯᠢ ᠶ᠋ᠢᠨ ᠲᠤᠬᠠᠢ 《 ᠳ᠋ᠠᠨᠵᠤᠤᠷ 》 ᠦ᠋ᠨ ᠣᠷᠣᠰᠢᠯ ᠳᠤ ᠲᠡᠮᠳᠡᠭᠯᠡᠭᠰᠡᠨ ᠊ᠢ ᠤᠩᠰᠢᠪᠠᠯ ᠄ 《ᠡᠳᠦᠭᠡ ᠶ᠋ᠢᠨ ᠣᠷᠴᠢᠭᠤᠯᠤᠭᠰᠠᠨ ᠣᠯᠠᠨ ᠨᠣᠮ ᠦ᠋ᠳ ᠦ᠋ᠨ ᠦᠨᠡᠨ ᠦᠭᠡ ᠭᠦᠨ ᠨᠠᠷᠢᠨ ᠤᠳᠬ᠎ᠠ ᠶ᠋ᠢ ᠡᠷᠲᠡᠨ ᠪ ᠴᠠᠭ ᠦ᠋ᠨ ᠤᠯᠠᠮᠵᠢᠯᠠᠨ ᠳᠡᠯᠭᠡᠷᠡᠭᠦᠯᠦᠭᠰᠡᠨ ᠪᠠᠯᠮ᠎ᠠ ᠪᠠᠭᠰᠢ ᠨᠠᠷ ᠭᠠᠵᠠᠷ ᠣᠷᠣᠨ ᠲᠣᠰ ᠲᠣᠰ ᠦ᠋ᠨ ᠬᠡᠯᠡᠨ ᠪ ᠡᠷᠬᠡᠪᠡᠷ ᠦᠭᠡ ᠤᠳᠬ᠎ᠠ ᠴᠥᠮ ᠨᠡᠶ᠋ᠢᠯᠡᠯᠴᠡᠬᠦ ᠬᠠᠮᠢᠭ᠎ᠠ ᠠᠬᠤ᠃ ᠡᠳᠦᠭᠡᠬᠢ ᠭᠦᠦᠰᠢ ᠪᠠᠯᠮ᠎ᠠ ᠨᠠᠷ ᠣᠷᠴᠢᠭᠤᠯᠬᠤᠢ ᠳ᠋ᠤᠷ ᠮᠥᠨ ᠬᠦ ᠥᠪᠡᠷ ᠥᠪᠡᠷ ᠦ᠋ᠨ ᠭᠠᠵᠠᠷ ᠥᠪᠡᠷᠮᠢᠴᠡ ᠶ᠋ᠢᠨ ᠲᠤᠯᠠᠳᠠ᠃ ᠦᠭᠡ ᠤᠳᠬ᠎ᠠ ᠰᠠᠶ᠋ᠢᠲᠤᠷ ᠨᠡᠶ᠋ᠢᠯᠠᠯᠲᠦᠬᠦᠶᠠ ᠪᠡᠷᠬᠡ᠃ ᠡᠶ᠋ᠢᠮᠦ ᠶ᠋ᠢᠨ ᠲᠤᠯᠠ᠂ ᠱᠠᠰᠢᠨ ᠊ᠢ ᠦᠨᠳᠦᠰᠦᠯᠡᠭᠴᠢ ᠲᠦᠭᠡᠮᠡᠯ ᠰᠠᠶ᠋ᠢᠨ ᠲᠠᠩᠰᠤᠭ ᠨᠢᠭᠦᠯᠡᠰᠦᠭᠦᠢ ᠳᠤ ᠶᠡᠬᠡ ᠤᠯᠤᠰ ᠦ᠋ᠨ ᠪᠠᠭᠰᠢ ᠵᠠᠩᠭᠢᠶ᠎ᠠ ᠬᠤᠲᠤᠭᠲᠤ ᠲᠠᠨ ᠳ᠋ᠤᠷ ᠲᠤᠰᠢᠶᠠᠵᠤ᠂ ᠠᠩᠬᠠᠨᠠ ᠳᠣᠬᠢᠶᠠᠨ ᠪ ᠱᠠᠰᠲᠢᠷ ( ᠳᠠᠷᠤᠢ 《 ᠮᠡᠷᠭᠡᠳ ᠭᠠᠷᠬᠤ ᠶ᠋ᠢᠨ ᠣᠷᠣᠨ 》 ) ᠨᠠᠢᠷᠠᠭᠤᠯᠤᠨ ᠵᠣᠬᠢᠶᠠᠭᠠᠳ ᠲᠠᠩᠭᠤᠳ ᠳ᠋ᠠᠨᠵᠤᠤᠷ ᠨᠣᠮ ᠦ᠋ᠨ ᠦᠭᠡ ᠶ᠋ᠢ ᠪᠦᠷᠢᠨ᠎ᠡ ᠮᠣᠩᠭᠣᠯ ᠬᠡᠯᠡ ᠳ᠋ᠤᠷ ᠪᠠᠭᠤᠯᠭᠠᠵᠤ᠂ ᠬᠠᠷᠢᠯᠴᠠᠨ ᠮᠠᠭᠠᠤᠠᠯᠠᠨ ᠲᠣᠲᠣᠷᠬᠠᠶ᠋ᠢᠯᠠᠵᠤ ᠨᠢᠭᠡᠨ ᠠᠳᠠᠯᠢ ᠢᠯᠡᠷᠬᠡᠶᠠ ᠪᠣᠯᠭᠠᠭᠠᠳ᠂ ᠲᠠᠶ᠋ᠢᠯᠪᠤᠷᠢ ᠤᠳᠬ᠎ᠠ ᠨᠡᠶ᠋ᠢᠯᠡᠯᠴᠡᠬ᠋ᠰᠡᠨ ᠪ ᠬᠣᠶ᠋ᠢᠨ᠎ᠠ᠂ ᠰᠠᠨᠠᠭᠠᠨ ᠵᠢᠭᠠᠯᠲᠠ ᠥᠪᠡᠰᠦᠪᠡᠨ ᠨᠠᠶ᠋ᠢᠷᠠᠯᠲᠤᠭᠰᠠᠨ ᠲᠤᠯᠠᠳᠠ᠂ ᠣᠷᠴᠢᠭᠤᠯᠬᠤᠢ ᠳᠤᠷ ᠳᠣᠯᠳᠣᠶ᠋ᠢᠳᠬᠤ ᠰᠢᠲᠦᠬᠦ ᠭᠠᠵᠠᠷ ᠣᠯᠬᠤ ᠪᠥᠭᠡᠳ ᠤᠩᠰᠢᠬᠤᠢ ᠳ᠋ᠤᠷ ᠨᠠᠩ ᠲᠠᠰᠢᠶᠠᠷᠠᠬᠤ ᠵᠥᠷᠢᠴᠡᠬᠦ ᠶᠠᠪᠤᠳᠠᠯ ᠥᠬᠡᠢ ᠪᠣᠯᠤᠮᠤᠢ 》 ᠭᠡᠵᠡᠢ ᠃ ᠡᠨᠡ ᠣᠷᠣᠰᠢᠯ ᠳᠤ ᠪᠢᠴᠢᠭᠰᠡᠨ ᠠ᠋ᠴᠠ ᠦᠵᠡᠪᠡᠯ ᠭᠣᠮᠪᠣᠵᠠᠪ ᠦ᠋ᠨ ᠣᠷᠣᠯᠴᠠᠭᠰᠠᠨ 《 ᠮᠡᠷᠭᠡᠳ ᠭᠠᠷᠬᠤ ᠶ᠋ᠢᠨ ᠣᠷᠣᠨ 》 ᠪᠣᠯ 《 ᠳ᠋ᠠᠨᠵᠤᠤᠷ 》 ᠊ᠢ ᠣᠷᠴᠢᠭᠤᠯᠬᠤ ᠳᠤ ᠪᠠᠷᠢᠮᠵᠢᠶ᠎ᠠ ᠪᠣᠯᠣᠭᠰᠠᠨ ᠂ ᠨᠡᠷᠡᠰ ᠦᠭᠡ ᠶ᠋ᠢ ᠨᠢᠭᠡᠳᠬᠡᠭᠰᠡᠨ 《 ᠳᠣᠬᠢᠶᠠᠨ ᠪ ᠪᠢᠴᠢᠭ 》 ᠪᠣᠯᠣᠭᠰᠠᠨ ᠪᠠᠶ᠋ᠢᠵᠠᠢ᠃
ᠡᠭᠦᠨᠴᠡ ᠭᠠᠳᠠᠨ᠎ᠠ᠂ ᠮᠠᠨᠵᠤ ᠴᠢᠩ ᠦ᠋ᠨ ᠲᠡᠭᠷᠢ ᠲᠡᠳᠬᠦᠭᠴᠢ ᠬᠠᠭᠠᠨ ᠪ ᠦᠶ᠎ᠡ (1736 — 1796) ᠳᠤ ᠭᠣᠮᠪᠣᠵᠠᠪ ᠵᠡᠷᠭᠡ ᠡᠷᠳᠡᠮᠲᠡᠳ《ᠳ᠋ᠠᠨᠵᠤᠤᠷ 》 ᠊ᠢ ᠣᠷᠴᠢᠭᠤᠯᠵᠤ ᠲᠡᠭᠦᠰᠦᠭᠰᠡᠨ ᠪ ᠬᠣᠶ᠋ᠢᠨ᠎ᠠ ᠂ ᠲᠡᠭᠷᠢ ᠲᠡᠳᠬᠦᠭᠴᠢ ᠬᠠᠭᠠᠨ ᠠ᠋ᠴᠠ ᠪᠠᠰᠠ ᠬᠢᠲᠠᠳ 《 ᠭᠠᠨᠵᠤᠤᠷ 》 (ᠮᠣᠩᠭᠣᠯ ᠶ᠋ᠢᠠᠷ ᠵᠠᠷᠯᠢᠭ ᠦ᠋ᠨ ᠣᠷᠴᠢᠭᠤᠯᠭ᠎ᠠ ᠭᠡᠰᠡᠨ ᠤᠳᠬ᠎ᠠ ᠲᠠᠢ ) ᠦ᠋ᠨ ᠳᠣᠲᠣᠷ᠎ᠠ ᠲᠥᠪᠡᠳ ᠬᠡᠯᠡ ᠳᠡᠭᠡᠷ᠎ᠡ ᠥᠬᠡᠢ ᠵᠦᠢᠯ ᠊ᠢ ᠲᠥᠪᠡᠳ ᠬᠡᠯᠡ ᠪᠠᠷ ᠣᠷᠴᠢᠭᠤᠯᠬᠤ ᠬᠡᠷᠡᠭᠲᠡᠢ ᠭᠡᠵᠦ ᠵᠠᠷᠯᠢᠬ ᠪᠣᠯᠣᠭᠰᠠᠨ ᠳᠤ ᠭᠣᠮᠪᠣᠵᠠᠪ ᠡᠨᠡ ᠶᠠᠪᠤᠳᠠᠯ ᠊ᠢ ᠢᠳᠡᠪᠬᠢᠲᠡᠢ ᠤᠭᠲᠤᠨ ᠠᠪᠴᠤ ᠂ ᠮᠥᠨ ᠪᠠᠰᠠ 《ᠬᠣᠶᠠᠷ ᠥᠬᠡᠢ ᠦᠨᠳᠦᠰᠦᠨ ᠲᠡᠶ᠋ᠢᠨ ᠢᠯᠠᠭᠤᠭᠰᠠᠨ 》 ᠊ᠢ ᠣᠷᠴᠢᠭᠤᠯᠤᠨ ᠳᠡᠯᠭᠡᠷᠡᠭᠦᠯᠬᠦ ᠴᠢᠬᠤᠯᠠ ᠲᠠᠢ ᠭᠡᠵᠦ ᠰᠠᠨᠠᠯ ᠳᠤᠷᠠᠳᠤᠭᠰᠠᠨ ᠪᠠᠶ᠋ᠢᠨ᠎ᠠ ᠭᠡᠵᠦ ᠳ᠋ᠠᡁᠷᠮᠠ ᠳ᠋ᠠᠯᠠᠢ ᠶ᠋ᠢᠨ ᠵᠣᠬᠢᠶᠠᠭᠰᠠᠨ 《 ᠴᠠᠭᠠᠨ ᠯᠢᠩᠬᠤ᠎ᠠ ᠶ᠋ᠢᠨ ᠡᠷᠢᠬᠢᠰ 》 ᠲᠤ ᠮᠡᠲᠡᠭᠡᠯᠡᠭᠰᠡᠨ ᠪᠠᠶ᠋ᠢᠨ᠎ᠠ ① ᠃
ᠲᠥᠪᠡᠳ ᠬᠡᠯᠡᠨ ᠳᠤ ᠨᠡᠪᠲᠡᠷᠡᠭᠰᠡᠨ ᠭᠣᠮᠪᠣᠵᠠᠪ᠂ ᠲᠣᠯᠢ ᠪᠠ ᠣᠷᠴᠢᠭᠤᠯᠭ᠎ᠠ ᠶ᠋ᠢᠨ ᠠᠵᠢᠯ ᠳᠤ ᠣᠷᠣᠯᠴᠠᠭᠰᠠᠨ ᠠ᠋ᠴᠠ ᠭᠠᠳᠠᠨ᠎ᠠ ᠪᠤᠷᠬᠠᠨ ᠱᠠᠰᠢᠨ ᠪ ᠳᠤᠮᠳᠠᠳᠤ ᠤᠯᠤᠰ ᠦ᠋ᠨ ᠦᠨᠳᠦᠰᠦᠲᠡᠨ ᠨᠤᠭᠦᠳ ᠦ᠋ᠨ ᠳᠤᠮᠳᠠ ᠳᠡᠯᠭᠡᠷᠡᠭᠰᠡᠨ ᠲᠡᠦᠬᠡ ᠶ᠋ᠢ ᠰᠤᠲᠤᠯᠤᠨ ᠰᠢᠨᠵᠢᠯᠡᠵᠦ 《 ᠳᠤᠮᠳᠠᠳᠤ ᠤᠯᠤᠰ ᠲᠤ ᠪᠤᠷᠬᠠᠨ ᠪ ᠱᠠᠵᠢᠨ
— — — —
① ᠰᠧᠡᠶ᠋ᠢᠨᠤᠶ᠋ᠢᠷᠦ᠋ᠪ ᠠᠪᠤᠭᠠᠢ ᠶ᠋ᠢᠨ ᠮᠣᠩᠭᠣᠯ ᠣᠷᠴᠢᠭᠤᠯᠬ᠋ᠠ ᠶ᠋ᠢᠨ ᠠᠷᠪᠠᠲᠤᠭᠠᠷ ᠳᠡᠪᠲᠡᠷ ᠦ᠋ᠨ ᠨᠠᠢ᠍ᠮᠠᠲᠤᠭᠠᠷ ᠨᠢᠭᠤᠷ ᠃
ᠳᠡᠯᠭᠡᠷᠡᠭᠰᠡᠨ ᠲᠡᠦᠬᠡ 》 ᠭᠡᠳᠡᠭ ᠨᠣᠮ ᠊ᠢ ᠲᠥᠪᠡᠳ ᠬᠡᠯᠡ ᠳᠡᠭᠡᠷ᠎ᠡ ᠵᠣᠬᠢᠶᠠᠵᠠᠢ᠃ ᠡᠨᠡ ᠨᠣᠮ ᠣᠲᠣᠬᠠᠨ ᠳᠤ ᠪᠢᠲᠡᠨ ᠳᠤ ᠣᠯᠲᠠᠭᠠᠲᠤᠢ ᠤᠴᠢᠷ ᠠ᠋ᠴᠠ ᠴᠣᠬᠣᠮ ᠦᠨᠡᠨᠬᠦ ᠠᠭᠤᠯᠬ᠋᠎ᠠ ᠨᠢ ᠶᠠᠮᠠᠷ ᠪᠣᠯᠬᠤ ᠶ᠋ᠢ ᠨᠠᠷᠢᠨ ᠥᠭᠦᠯᠡᠬᠦ ᠳᠤ ᠲᠥᠪᠡᠭ ᠲᠡᠢ ᠶᠤᠮ᠃ ᠭᠡᠲᠡᠯ᠎ᠡ ᠬᠣᠯᠪᠤᠭᠲᠠᠯ ᠪᠦᠬᠦᠢ ᠵᠣᠬᠢᠶᠠᠯ ᠳᠤ ᠮᠡᠲᠡᠭᠡᠯᠡᠭᠰᠡᠨ ᠡᠴᠡ ᠦᠨᠲᠦᠰᠦᠯᠡᠨ ᠲᠥᠰᠦᠪᠯᠡᠵᠦ ᠪᠣᠯᠬᠤ ᠵᠦᠢᠯ ᠭᠡᠪᠡᠯ ᠄ ᠡᠩ ᠲᠡᠷᠢᠭᠦᠨ ᠳᠤ ᠡᠨᠡᠬᠦ 《 ᠳᠤᠮᠳᠠᠳᠤ ᠤᠯᠤᠰ ᠲᠦ᠍ ᠪᠤᠷᠬᠠᠨ ᠪ ᠱᠠᠵᠢᠨ ᠳᠡᠯᠭᠡᠷᠡᠭᠰᠡᠨ ᠲᠡᠦᠬᠡ 》 ᠭᠡᠳᠡᠭ ᠨᠣᠮ ᠊ᠢ1746 ᠣᠨ ᠳᠤ ᠯᡁᠰᠠ ᠳᠤ ᠬᠡᠪᠯᠡᠨ ᠪᠤᠲᠠᠯᠠᠩ ᠣᠷᠲᠣᠨ ᠪ ᠪᠢᠴᠢᠭ᠌ ᠰᠤᠲᠤᠷ ᠦ᠋ᠨ ᠬᠣᠷᠢᠶᠠᠨ ᠳᠤ ᠬᠠᠲᠠᠭᠠᠯᠠᠭᠰᠠᠨ ᠪᠠᠶ᠋ᠢᠨ᠎ᠠ ᠃ ① ᠳᠠᠷᠠᠬ᠋᠎ᠠ ᠳ᠋ᠦ᠍ᠨᠢ᠂ ᠪᠦᠭᠦᠲᠡ ᠨᠠᠶ᠋ᠢᠷᠠᠮᠲᠠᠬᠤ ᠮᠣᠩᠭᠣᠯ ᠠᠷᠠᠳ ᠤᠯᠤᠰ ᠦ᠋ᠨ ᠡᠷᠲᠡᠮᠲᠡᠨ ᠴ ᠂ ᠳᠠᠮᠳᠢᠨᠰᠦ᠋ᠷᠦᠩ ᠠᠪᠤᠭᠠᠢ ᠲᠡᠬᠦᠨ ᠪ 《 ᠮᠣᠩᠭᠣᠯ ᠤᠷᠠᠨ ᠵᠣᠬᠢᠶᠠᠯ ᠦ᠋ᠨ ᠳᠡᠭᠡᠵᠢ ᠵᠠᠭᠤᠨ ᠪᠢᠯᠢᠭ᠌ ᠣᠷᠣᠰᠢᠪᠠᠢ 》 ᠭᠡᠳᠡᠭ ᠨᠣᠮ ᠦ᠋ᠨ ᠶ᠋ᠢᠠᠨ276 ᠳ᠋ᠤᠭᠠᠷ ᠬᠠᠭᠤᠲᠠᠰᠤᠨ ᠳ᠋ᠤ᠌ 《 ᠦᠵᠦᠮᠦᠴᠢᠨ ᠭᠣᠮᠪᠤᠵᠠᠪ ᠦ᠋ᠨ ᠵᠣᠬᠢᠶᠠᠭᠰᠠᠨ <ᠳᠤᠮᠳᠠᠳᠤ ᠤᠯᠤᠰ ᠲᠦ᠍ ᠪᠤᠷᠬᠠᠨ ᠪ ᠱᠠᠵᠢᠨ ᠳᠡᠯᠭᠡᠷᠡᠭᠰᠡᠨ ᠲᠡᠦᠬᠡ > ᠬᠡᠮᠡᠬᠦ ᠰᠤᠲᠤᠷ ᠦ᠋ᠨ ᠲᠥᠪᠡᠳ ᠬᠡᠪᠯᠡᠯ ᠦ᠋ᠨ84 ᠳ᠋ᠦ᠍ᠭᠡᠷ ᠬᠠᠭᠤᠲᠠᠰᠤᠨ ᠳ᠋ᠤ᠌ ᠪᠢᠴᠢᠭᠰᠡᠨ ᠢᠨᠤ ᠂ ᠳᠠᠩ ᠤᠯᠤᠰ ᠦ᠋ᠨ ᠦᠶ᠎ᠡ ᠳᠤ ᠬᠢᠲᠠᠳ ᠬᠡᠯᠡ ᠳᠡᠭᠡᠷ᠎ᠡ ᠬᠤᠷᠢᠶᠠᠩᠭᠤᠶ᠋ᠢᠯᠠᠨ ᠡᠮᠬᠢᠯᠡᠭᠰᠡᠨ ᠪᠤᠷᠬᠠᠨ ᠪ ᠵᠠᠷᠯᠢᠬ ᠱᠠᠰᠲᠢᠷ1507 ᠨᠣᠮ ᠦ᠋ᠨ ᠳᠣᠲᠣᠷ᠎ᠠ ᠮᠣᠯᠣᠨ ᠲᠤᠶ᠋ᠢᠨ ᠡᠬᠡ ᠪᠡᠨ ᠲᠠᠮᠤ ᠡᠴᠡ ᠲᠤᠶ᠋ᠢᠯᠭᠠᠭᠰᠠᠨ ᠰᠤᠲᠤᠷ ᠦ᠋ᠨ ᠬᠣᠶᠠᠷ ᠣᠷᠴᠢᠭᠤᠯᠤᠯᠬ᠋ᠠ ᠪᠠᠶ᠋ᠢᠪᠠ ᠬᠡᠮᠡᠵᠤᠬᠦᠢ 》 ᠭᠡᠵᠦ ᠮᠡᠲᠡᠭᠡᠯᠡᠵᠢ᠃
ᠳᠠᠮᠳᠢᠨᠰᠦ᠋ᠷᠦᠩ ᠠᠪᠤᠭᠠᠢ ᠶ᠋ᠢᠨ ᠡᠨᠲᠡ ᠲᠤᠷᠠᠲᠤᠭᠰᠠᠨ 《 ᠪᠤᠷᠬᠠᠨ ᠪ ᠵᠠᠷᠯᠢᠬ ᠱᠠᠰᠲᠢᠷ1507 ᠨᠣᠮ 》 ᠭᠡᠳᠡᠭ ᠪᠣᠯ 《 ᠭᠠᠨᠵᠤᠤᠷ 》 ᠊ᠢ ᠵᠢᠭᠠᠵᠤ ᠪᠠᠶ᠋ᠢᠬ᠋᠎ᠠ ᠶᠤᠮ ᠃ ᠡᠨᠡ ᠮᠡᠲᠡᠭᠡ ᠡᠴᠡ ᠪᠢᠲᠡ ᠴᠢᠨᠠᠭᠰᠢᠲᠠ ᠮᠡᠲᠡᠵᠦ ᠪᠣᠯᠬᠤ ᠨᠢ ᠂ ᠳ᠋ᠠᡁᠷᠮᠠ ᠳ᠋ᠠᠯᠠᠢ ᠶ᠋ᠢᠨ ᠵᠣᠬᠢᠶᠠᠭᠰᠠᠨ 《 ᠴᠠᠭᠠᠨ ᠯᠢᠩᠬᠤ᠎ᠠ ᠶ᠋ᠢᠨ ᠡᠷᠢᠭᠢᠰ 》 ᠲᠤ᠌ ᠮᠡᠲᠡᠭᠡᠯᠡᠭᠰᠡᠨ ᠮᠡᠲᠦ ᠂ ᠭᠣᠮᠪᠤᠵᠠᠪ ᠲᠩᠷᠢ ᠲᠡᠤᠠᠬᠦᠬ᠋ᠴᠢ ᠬᠠᠭᠠᠨ ᠪ ᠵᠠᠷᠯᠢᠬ ᠊ᠢ ᠢᠲᠡᠪᠬᠢᠲᠡᠢ ᠤᠭᠲᠤᠨ ᠠᠪᠴᠤ ᠬᠢᠲᠠᠳ 《 ᠭᠠᠨᠵᠤᠤᠷ 》 ᠦ᠋ᠨ ᠳᠣᠲᠣᠷᠠᠬᠢ ᠲᠥᠪᠡᠳ ᠬᠡᠯᠡ ᠳᠡᠭᠡᠷ᠎ᠡ ᠦᠭᠡᠢ ᠵᠦᠢᠯ ᠊ᠢ ᠲᠥᠪᠡᠳ ᠬᠡᠯᠡ ᠳᠡᠭᠡᠷ᠎ᠡ ᠣᠷᠴᠢᠭᠤᠯᠬᠤ ᠭᠡᠰᠡᠨ ᠪᠣᠲᠣᠯ ᠲᠡᠬᠦᠨ ᠳ᠋ᠤ᠌ ᠪᠠᠶ᠋ᠢᠬᠰᠠᠨ ᠊ᠢ ᠮᠡᠲᠡᠵᠦ ᠪᠣᠯᠤᠨ᠎ᠠ ᠃ ᠡᠶ᠋ᠢᠮᠦ ᠡᠴᠡ ᠲᠡᠷᠡ 《 ᠳ᠋ᠠᠨᠵᠤᠤᠷ 》 ᠊ᠢ ᠣᠷᠴᠢᠭᠤᠯᠬᠤ ᠠᠵᠢᠯ ᠳ᠋ᠤ ᠣᠷᠣᠯᠴᠠᠭᠰᠠᠨ ᠪ ᠳᠠᠷᠠᠬ᠋᠎ᠠ ᠮᠥᠨ ᠦᠷᠭᠦᠯᠵᠢᠯᠡᠨ 《 ᠬᠣᠶᠠᠷ ᠦᠭᠡᠢ ᠦᠨᠲᠦᠰᠦᠨ ᠳᠠᠶ᠋ᠢᠨ ᠢᠯᠠᠭᠤᠭᠰᠠᠨ 》 ᠵᠡᠷᠭᠡ ᠰᠤᠲᠤᠷ ᠢ ᠣᠷᠴᠢᠭᠤᠯᠤᠨ ᠳᠡᠯᠭᠡᠷᠡᠭᠦᠯᠬᠦ ᠶ᠋ᠢ ᠳᠤᠷᠠᠳᠴᠤ ᠪᠠᠶ᠋ᠢᠬᠰᠠᠨ ᠠᠵᠢ ᠃
— — — —
① ᠫᠦᠴᠺᠦᠸᠰᠺᠢ ᠄ 《 ᠭᠠᠩᠬ᠋᠎ᠠ ᠶ᠋ᠢᠨ ᠤᠷᠤᠰᠬᠠᠯ 》 ᠦ᠋ᠨ ᠤᠲᠤᠷᠢᠤᠠᠬᠠᠯ ᠂ 1960 ᠣᠨ ᠤ ᠣᠷᠣᠰ ᠬᠡᠪᠯᠡᠯ ᠦ᠋ᠨ 7 ᠳ᠋ᠤᠭᠠᠷ ᠨᠢᠭᠤᠷ
ᠭᠣᠮᠪᠣᠵᠠᠪ ᠪᠠᠰᠠ ᠬᠡᠯᠡ ᠪᠢᠴᠢᠭ᠌ ᠦ᠋ᠨ ᠠᠵᠢᠯ ᠯᠤᠬ᠋᠎ᠠ ᠬᠣᠯᠪᠣᠭᠲᠠᠯ ᠪᠦᠬᠦᠢ ᠵᠣᠬᠢᠶᠠᠯ ᠪᠣᠯᠬᠤ 《 ᠡᠭᠡᠰᠢᠭ ᠦᠰᠦᠭ ᠬᠢᠭᠡᠳ ᠭᠡᠢᠭᠦᠯᠦᠭᠴᠢ ᠦᠰᠦᠭ ᠦ᠋ᠳ 》 ᠭᠡᠳᠡᠭ ᠵᠣᠬᠢᠶᠠᠯ ᠳ᠋ᠠᠭᠠᠨ ᠰᠠᠨᠰᠭᠢᠷᠡᠳ ᠴᠠᠭᠠᠨ ᠲᠣᠯᠣᠭᠠᠢ ᠲᠡᠢ ᠠᠲᠠᠯᠢ ᠳᠠᠭᠤᠳᠠᠯᠬ᠋ᠠ ᠪᠦᠬᠦᠢ ᠲᠥᠪᠡᠳ ᠪᠠ ᠮᠣᠩᠭᠣᠯ ᠦᠰᠦᠭ ᠦ᠋ᠨ ᠵᠡᠭᠦᠯᠲᠡ ᠲᠡᠮᠲᠡᠭ ᠊ᠢ ᠨᠠᠷᠢᠨ ᠲᠣᠲᠣᠷᠬᠠᠶ᠋ᠢᠯᠠᠭᠰᠠᠨ ᠪᠠᠶ᠋ᠢᠨ᠎ᠠ ᠃ ᠡᠭᠦᠨᠴᠡ ᠭᠠᠲᠠᠨ᠎ᠠ ᠂ ᠭᠣᠮᠪᠣᠵᠠᠪ ᠪᠠᠰᠠ ᠲᠥᠪᠡᠳ ᠬᠡᠯᠡ ᠡᠴᠡ ᠬᠢᠲᠠᠳ ᠬᠡᠯᠡ ᠳᠡᠭᠡᠷ᠎ᠡ ᠪᠤᠷᠬᠠᠨ ᠪ ᠬᠦᠷᠦᠭ ᠊ᠢ ᠱᠤᠭᠤᠮᠠᠯᠠᠬᠤ ᠲᠤᠬᠠᠢ ᠨᠢᠭᠡᠨ ᠵᠣᠬᠢᠶᠠᠯ ᠊ᠢ ᠣᠷᠴᠢᠭᠤᠯᠤᠯᠠ ᠭᠡᠵᠦ ᠫᠦᠴᠺᠦᠸᠰᠺᠧ ᠠᠪᠤᠭᠠᠢ ᠮᠡᠲᠡᠭᠡᠯᠡᠵᠡᠢ ᠃
ᠭᠣᠮᠪᠣᠵᠠᠪ ᠬᠦᠩ ᠬᠡᠯᠡ ᠲᠡᠦᠬᠡ ᠶ᠋ᠢ ᠰᠠᠶ᠋ᠢᠨ ᠮᠡᠳᠡᠳᠡᠭ ᠡᠷᠲᠡᠮᠲᠡᠨ ᠪᠠᠶ᠋ᠢᠬᠰᠠᠨ ᠶ᠋ᠢᠠᠷ ᠥᠯᠥ ᠪᠠᠷᠠᠮ ᠡᠮ ᠡᠮᠨᠡᠯᠭᠡ ᠶ᠋ᠢᠨ ᠤᠬᠠᠭᠠᠨ ᠊ᠢ ᠴᠤ᠌ ᠰᠤᠲᠤᠯᠵᠤ ᠪᠠᠶ᠋ᠢᠬᠰᠠᠨ ᠶᠤᠮ ᠃ ᠲᠡᠭᠦᠨ ᠪ ᠮᠣᠩᠭᠣᠯ ᠬᠡᠯᠡ ᠳᠡᠭᠡᠷ᠎ᠡ ᠵᠣᠬᠢᠶᠠᠭᠰᠠᠨ 《 ᠡᠮ ᠦ᠋ᠨ ᠨᠠᠶ᠋ᠢᠷᠠᠯᠬ᠋ᠠ 》 ᠭᠡᠳᠡᠭ ᠵᠣᠬᠢᠶᠠᠯ ᠨᠢ ᠮᠣᠩᠭᠣᠯ ᠡᠮ ᠦ᠋ᠨ ᠲᠤᠷᠰᠢᠯᠭᠠᠲᠤ ᠵᠣᠷ ᠦ᠋ᠳ ᠊ᠢ ᠲᠠᠨᠢᠯᠴᠠᠭᠤᠯᠬᠤ ᠶ᠋ᠢᠨ ᠬᠠᠮᠲᠤ ᠮᠥᠨ ᠪᠠᠰᠠ ᠡᠨᠡᠤᠠᠬᠡᠭ ᠂ ᠲᠥᠪᠡᠳ ᠂ ᠬᠢᠲᠠᠳ ᠦ᠋ᠨ ᠬᠡᠷᠡᠭᠯᠡᠵᠦ ᠢᠷᠡᠭᠰᠡᠨ ᠡᠮ ᠦ᠋ᠨ ᠵᠦᠢᠯ ᠡᠴᠡ ᠴᠤ᠌ ᠪᠠᠭᠲᠠᠭᠠᠨ ᠲᠠᠨᠢᠯᠴᠠᠭᠤᠯᠵᠠᠢ ᠃ ᠡᠨᠡ ᠨᠣᠮ ᠊ᠢ ᠴᠢᠩ ᠤᠯᠤᠰ ᠦ᠋ᠨ ᠦᠶ᠎ᠡ ᠳᠤ ᠮᠣᠲᠣᠨ ᠪᠠᠷ ᠶ᠋ᠢᠡᠷ ᠬᠡᠪᠯᠡᠭᠰᠡᠨ ᠶᠤᠮ ᠃
ᠳᠡᠭᠡᠷ᠎ᠡ ᠳᠤᠷᠠᠳᠤᠭᠰᠠᠨ ᠵᠦᠢᠯ ᠡᠴᠡ ᠪᠢᠲᠡ ᠂ ᠭᠣᠮᠪᠣᠵᠠᠪ ᠪᠣᠯ ᠠᠷᠪᠠᠨ ᠨᠠᠢ᠍ᠮᠠᠲᠤᠭᠠᠷ ᠵᠠᠭᠤᠨ ᠪ ᠦᠶ᠎ᠡ ᠳᠤ ᠭᠣᠪᠢ ᠶ᠋ᠢᠨ ᠡᠮᠦᠨᠡᠬᠢ ᠮᠣᠩᠭᠣᠯ ᠣᠷᠣᠨ ᠳᠤ ᠴᠣᠯᠭᠣᠷᠠᠨ ᠭᠠᠷᠤᠭᠰᠠᠨ ᠠᠯᠲᠠᠷᠲᠤ ᠲᠡᠦᠬᠡᠴᠢ ᠂ ᠣᠷᠴᠢᠭᠤᠯᠤᠭᠴᠢ ᠪᠠ ᠬᠡᠯᠡᠨ ᠪ ᠡᠷᠲᠡᠮᠲᠡᠨ ᠭᠡᠵᠦ ᠦᠨᠡᠯᠡᠪᠡᠯ ᠵᠦᠢ ᠲᠡᠢ ᠶᠤᠮ ᠃ ᠭᠣᠮᠪᠣᠵᠠᠪ ᠦ᠋ᠨ ᠨᠢᠭᠡᠨ ᠨᠠᠰᠤᠨ ᠪ ᠠᠮᠢᠲᠤᠷᠠᠯ ᠪᠣᠯ ᠮᠣᠩᠭᠣᠯ ᠦᠨᠲᠦᠰᠦᠲᠡᠨ ᠪ ᠰᠣᠶᠣᠯ ᠭᠡᠭᠡᠷᠡᠯ ᠦ᠋ᠨ ᠬᠥᠭᠵᠢᠯᠲᠡ ᠪᠠ ᠳᠤᠮᠳᠠᠳᠤ ᠤᠯᠤᠰ ᠦ᠋ᠨ ᠦᠨᠲᠦᠰᠦᠲᠡᠨ ᠨᠤᠭᠦᠳ ᠦ᠋ᠨ ᠰᠣᠶᠣᠯ ᠦ᠋ᠨ ᠬᠠᠷᠢᠯᠴᠠᠭᠠᠨ ᠪ ᠲᠡᠦᠬᠡᠨ ᠳᠤ ᠦᠨᠡᠲᠦ ᠬᠤᠪᠢ ᠨᠡᠮᠡᠭᠦᠷᠢ ᠦᠵᠡᠭᠦᠯᠦᠭᠰᠡᠨ ᠨᠢᠭᠡ ᠨᠠᠰᠤ ᠪᠣᠯᠤᠨ᠎ᠠ ᠃
ᠳᠡᠭᠡᠷ᠎ᠡ ᠳᠤᠷᠠᠳᠤᠭᠰᠠᠨ ᠵᠦᠢᠯ ᠡᠴᠡ ᠪᠢᠲᠡ ᠂ ᠡᠨᠡᠬᠦ ᠡᠷᠬᠢᠮ ᠡᠷᠲᠡᠮᠲᠡᠨ ᠭᠣᠮᠪᠣᠵᠠᠪ ᠦ᠋ᠨ ᠨᠢᠭᠡᠨ ᠨᠠᠰᠤᠨ ᠪ ᠠᠮᠢᠲᠤᠷᠠᠯ ᠂ ᠦᠢᠯᠡ ᠠᠵᠢᠯᠯᠠᠬ᠋᠎ᠠ ᠶ᠋ᠢᠨ ᠲᠤᠬᠠᠢ ᠲᠣᠲᠣᠯᠠᠵᠤ ᠪᠣᠯᠬᠤ ᠵᠦᠢᠯ ᠭᠡᠪᠡᠯ ᠄
ᠨᠢᠭᠡ ᠳᠤ ᠂ 《 ᠢᠯᠡᠤᠠᠬᠡᠯ ᠱᠠᠰᠲᠢᠷ 》 ᠪᠠ《 ᠠᠯᠲᠠᠨ ᠤᠷᠤᠭ ᠲᠠᠨ ᠪ ᠳᠤᠲᠠ ᠲᠡᠦᠬᠡ 》 ᠵᠢᠴᠢ 《 ᠪᠣᠯᠣᠷ ᠡᠷᠢᠭᠡ 》 ᠶ᠋ᠢᠨ ᠲᠡᠮᠲᠡᠭᠯᠡᠯ ᠡᠴᠡ ᠦᠵᠡᠪᠡᠯ ᠭᠣᠮᠪᠣᠵᠠᠪ ᠪᠣᠯ ᠦᠵᠦᠮᠦᠴᠢᠨ ᠪᠠᠷᠠᠭᠤᠨ ᠭᠠᠷᠤᠨ ᠬᠣᠰᠢᠭᠤᠨ ᠵᠠᠰᠠᠭ ᠬᠤᠱᠤᠢ ᠰᠡᠴᠡᠨ ᠴᠢᠨ ᠸᠠᠩ ᠰᠤᠲᠠᠨᠢ ᠶ᠋ᠢᠨ ᠳᠡᠭᠦᠦ ᠲᠤᠰᠠᠯᠠᠭᠴᠢ ᠲᠠᠶ᠋ᠢᠵᠢ ᠂ ᠤᠯᠤᠰ ᠲᠣᠷ ᠲᠤᠰᠠᠯᠠᠭᠴᠢ ᠭᠦᠩ ᠣᠲᠠᠷᠢ ᠶ᠋ᠢᠨ ᠬᠥᠪᠡᠭᠦᠨ ᠮᠥᠨ ᠃
ᠬᠣᠶᠠᠷ ᠲᠤ ᠂ 《 ᠢᠯᠡᠤᠠᠬᠡᠯ ᠱᠠᠰᠲᠢᠷ 》 ᠦ᠋ᠨ ᠲᠡᠮᠲᠡᠭᠯᠡᠯ ᠊ᠢ ᠦᠨᠲᠦᠰᠦᠯᠡᠪᠡᠯ ᠂ ᠡᠩᠬᠡ ᠠᠮᠤᠭᠤᠯᠠᠩ ᠬᠠᠭᠠᠨ ᠪ ᠭᠤᠴᠢᠨ ᠨᠢᠭᠡᠲᠦᠭᠡᠷ ᠣᠨ (1692 ) ᠳᠤ ᠭᠣᠮᠪᠣᠵᠠᠪ ᠊ᠢ ᠤᠯᠤᠰ ᠲᠤᠷ ᠲᠤᠰᠠᠯᠠᠭᠴᠢ ᠬᠦᠩ ᠵᠠᠯᠭᠠᠮᠵᠢᠯᠠᠭᠤᠯᠬᠤ ᠭᠡᠵᠦ ᠮᠠᠨᠵᠤ ᠴᠢᠩ ᠦ᠋ᠨ ᠬᠠᠭᠠᠨ ᠳᠤ ᠠᠶ᠋ᠢᠯᠠᠤᠠᠬᠠᠨ ᠮᠡᠲᠡᠭᠦᠯᠵᠡᠢ ᠃ ᠡᠶ᠋ᠢᠮᠦ ᠡᠴᠡ1692 ᠣᠨ ᠪ ᠦᠶ᠎ᠡ ᠳᠤ ᠭᠣᠮᠪᠣᠵᠠᠪ ᠨᠢᠭᠡᠨᠲᠡ ᠶᠢᠷᠲᠢᠨᠴᠦ ᠶ᠋ᠢᠨ ᠲᠣᠭᠣᠰᠤᠨᠠ ᠠᠮᠢᠲᠤᠷᠠᠵᠤ ᠪᠠᠶ᠋ᠢᠬᠰᠠᠨ ᠬᠥᠮᠦᠨ ᠪᠠᠶ᠋ᠢᠵᠠᠢ ᠃
ᠭᠤᠷᠪᠠ ᠳᠤ ᠂ ᠭᠣᠮᠪᠣᠵᠠᠪ ᠲᠡᠭᠦᠨ ᠪ 《 ᠭᠠᠩᠬ᠋᠎ᠠ ᠶ᠋ᠢᠨ ᠤᠷᠤᠰᠬᠠᠯ 》 ᠭᠡᠬᠦ ᠣᠨ ᠳᠠᠷᠠᠭᠠᠯᠠᠭᠰᠠᠨ ᠲᠡᠦᠬᠡ ᠪᠡᠨ ᠨᠠᠶ᠋ᠢᠷᠠᠯᠲᠤ ᠲᠥᠪ ᠦ᠋ᠨ ᠭᠤᠲᠠᠭᠠᠷ ᠣᠨ ᠳᠤ ᠪᠢᠴᠢᠵᠦ ᠲᠡᠭᠦᠰᠬᠡᠯᠡ ᠭᠡᠵᠦ ᠵᠣᠬᠢᠶᠠᠯ ᠦ᠋ᠨ ᠶ᠋ᠢᠠᠨ ᠲᠡᠭᠦᠰᠬᠡᠯ ᠳᠤ ᠲᠡᠮᠲᠡᠭᠯᠡᠵᠡᠢ ᠃ ᠡᠨᠡ ᠨᠢ1725 ᠣᠨ ᠪᠣᠯᠬᠤ ᠶᠤᠮ ᠃ ᠪᠢᠲᠡ 《 ᠭᠠᠩᠬ᠋᠎ᠠ ᠶ᠋ᠢᠨ ᠤᠷᠤᠰᠬᠠᠯ 》 ᠦ᠋ᠨ ᠲᠡᠦᠬᠡ ᠶ᠋ᠢᠨ ᠤᠴᠢᠷ ᠰᠤᠷᠪᠤᠯᠵᠢ ᠪᠠ ᠪᠢᠴᠢᠯᠭᠡ ᠬᠡᠯᠡᠯᠭᠡ ᠡᠴᠡ ᠦᠵᠡᠬᠦ ᠳᠤ ᠡᠨᠡ ᠦᠶ᠎ᠡ ᠳᠤ ᠭᠣᠮᠪᠣᠵᠠᠪ ᠨᠢᠭᠡᠨᠲᠡ ᠮᠣᠩᠭᠣᠯ ᠂ ᠬᠢᠲᠠᠳ ( ᠬᠢᠲᠠᠳ ᠲᠡᠦᠬᠡᠨ ᠰᠤᠷᠪᠤᠯᠵᠢ ᠪᠢᠴᠢᠭ᠌ ᠊ᠢ ᠠᠰᠢᠬᠯᠠᠭᠰᠠᠨ ) ᠂ ᠮᠠᠨᠵᠤ ( ᠬᠥᠮᠦᠨ ᠪ ᠨᠡᠷ᠎ᠡ ᠂ ᠵᠡᠷᠭᠡ ᠲᠤᠰᠢᠶᠠᠯ ᠊ᠢ ᠴᠥᠮ ᠮᠠᠨᠵᠤ ᠪᠠᠷ ᠪᠢᠴᠢᠭᠰᠡᠨ ) ᠂ ᠲᠥᠪᠡᠳ ( ᠦᠰᠦᠭ ᠦ᠋ᠨ ᠳᠠᠭᠤᠳᠠᠯᠬ᠋ᠠ ᠶ᠋ᠢ ᠲᠥᠪᠡᠳ ᠦᠰᠦᠭ ᠶ᠋ᠢᠡᠷ ᠬᠠᠲᠠᠭᠰᠠᠨ ) ᠳᠥᠷᠪᠡᠨ ᠬᠡᠯᠡ ᠶ᠋ᠢ ᠰᠠᠶ᠋ᠢᠨ ᠮᠡᠳᠡᠳᠡᠭ ᠬᠥᠮᠦᠨ ᠪᠠᠶ᠋ᠢᠬᠰᠠᠨ ᠪᠠᠶ᠋ᠢᠵᠠᠢ ᠃ ᠪᠢᠲᠡ ᠬᠡᠷᠪᠡ ᠭᠣᠮᠪᠣᠵᠠᠪ ᠊ᠢ1692 ᠣᠨ ᠳᠤ ᠮᠡᠨᠲᠦᠯᠡᠯᠡ ᠭᠡᠵᠦ ᠦᠵᠡᠪᠡᠯ ᠲᠡᠷᠡ 《 ᠭᠠᠩᠬ᠋᠎ᠠ ᠶ᠋ᠢᠨ ᠤᠷᠤᠰᠬᠠᠯ 》 ᠊ᠢ ᠪᠢᠴᠢᠬᠦ ᠳᠤ ᠬᠣᠷᠢᠨ ᠳᠥᠷᠪᠡᠨ ᠨᠠᠰᠤᠲᠠᠢ ᠶᠤᠮ ᠃ ᠭᠡᠲᠡᠯ᠎ᠡ ᠬᠣᠷᠢᠨ ᠳᠥᠷᠪᠡᠨ ᠨᠠᠰᠤᠲᠠᠢ ᠬᠥᠮᠦᠨ ᠳᠥᠷᠪᠡᠨ ᠬᠡᠯᠡᠨ ᠳᠤ ᠨᠡᠪᠲᠡᠷᠡᠵᠦ 《 ᠭᠠᠩᠬ᠋᠎ᠠ ᠶ᠋ᠢᠨ ᠤᠷᠤᠰᠬᠠᠯ 》 ᠮᠡᠲᠦ ᠵᠣᠬᠢᠶᠠᠯ ᠊ᠢ ᠪᠢᠴᠢᠯ᠎ᠡ ᠭᠡᠬᠦ ᠳᠤ ᠢᠲᠡᠭᠡᠮᠵᠢᠲᠦ ᠴᠢᠨᠠᠷ ᠶ᠋ᠢᠠᠷ ᠮᠥᠴᠢᠳ ᠶᠤᠮ ᠃ ᠡᠶ᠋ᠢᠮᠦ ᠳᠤ ᠲᠡᠷᠡ 《 ᠭᠠᠩᠬ᠋᠎ᠠ ᠶ᠋ᠢᠨ ᠤᠷᠤᠰᠬᠠᠯ 》 ᠊ᠢ ᠪᠢᠴᠢᠬᠦ ᠦᠶ᠎ᠡ ᠳᠤ ᠬᠠᠮᠤᠭ ᠦ᠋ᠨ ᠨᠠᠭᠠᠲᠤ ᠵᠠᠬ᠎ᠠ ᠳᠤ ᠭᠤᠴᠢᠨ ᠨᠠᠰᠤ ᠠ᠋ᠴᠠ ᠥᠭᠡᠲᠡ ᠪᠠᠶ᠋ᠢᠬᠰᠠᠨ ᠭᠡᠵᠦ ᠦᠵᠡᠨ᠎ᠡ ᠃
ᠳᠥᠷᠪᠡ ᠳᠤ ᠂ ᠭᠣᠮᠪᠣᠵᠠᠪ 《 ᠳ᠋ᠠᠨᠵᠤᠤᠷ 》 ᠊ᠢ ᠣᠷᠴᠢᠭᠤᠯᠵᠤ ᠲᠡᠭᠦᠰᠬᠡᠭᠰᠡᠨ ᠲᠤᠬᠠᠢ 《 ᠮᠡᠷᠭᠡᠳ ᠭᠠᠷᠬᠤ ᠶ᠋ᠢᠨ ᠣᠷᠣᠨ 》 ᠪᠠ 《 ᠴᠠᠭᠠᠨ ᠯᠢᠩᠬᠤ᠎ᠠ ᠶ᠋ᠢᠨ ᠡᠷᠢᠬᠢᠰ 》 ᠲᠦ ᠪᠦᠷ ᠲᠡᠮᠲᠡᠭᠯᠡᠵᠦ ᠪᠤᠢ ᠃ 《 ᠳ᠋ᠠᠨᠵᠤᠤᠷ 》 ᠊ᠢ ᠣᠷᠴᠢᠭᠤᠯᠵᠤ ᠲᠡᠭᠦᠰᠬᠡᠭᠰᠡᠨ ᠣᠨ ᠪᠣᠯ1749 ᠣᠨ ᠪᠣᠯᠤᠨ᠎ᠠ ᠃ ᠃ ᠡᠭᠦᠨ ᠢ ᠪᠢᠲᠡ ᠭᠣᠮᠪᠣᠵᠠᠪ ᠦ᠋ᠨ ᠪᠡᠶ᠎ᠡ ᠲᠡᠢ ᠰᠢᠭᠤᠳ ᠬᠣᠯᠪᠣᠭᠲᠠᠭᠰᠠᠨ ᠲᠡᠦᠬᠡᠨ ᠲᠡᠮᠲᠡᠭᠯᠡᠯ ᠳᠤ ᠭᠠᠷᠤᠭᠰᠠᠨ ᠬᠠᠮᠤᠭ ᠦ᠋ᠨ ᠠᠩᠬᠠᠨ 1692 ᠣᠨ ᠠ᠋ᠴᠠ ᠡᠬᠢᠯᠡᠵᠦ ᠪᠣᠲᠣᠬᠤ ᠳᠤ ᠡᠨᠡ ᠦᠶ᠎ᠡ ᠭᠣᠮᠪᠣᠵᠠᠪ ᠨᠢᠭᠡᠨᠲᠡ58 ᠨᠠᠰᠤᠲᠠᠢ ᠪᠣᠯᠵᠠᠢ ᠃ ᠭᠡᠲᠡᠯ᠎ᠡ ᠭᠣᠮᠪᠣᠵᠠᠪ1692 ᠣᠨ ᠳᠤ ᠮᠡᠨᠳᠦᠯᠡᠭᠰᠡᠨ ᠣᠭᠲᠣ ᠪᠢᠰᠢ ᠪᠥᠭᠡᠳ ᠵᠠᠪᠠᠯ ᠡᠭᠦᠨ ᠡᠴᠡ ᠡᠮᠦᠨ᠎ᠡ ᠪᠠᠶ᠋ᠢᠬᠤ ᠶᠣᠰᠣᠲᠠᠢ᠃
ᠲᠠᠪᠤ ᠳᠤ ᠂ 《 ᠴᠠᠭᠠᠨ ᠯᠢᠩᠬᠤ᠎ᠠ ᠶ᠋ᠢᠨ ᠡᠷᠢᠬᠢᠰ 》 ᠲᠤ ᠲᠡᠮᠲᠡᠭᠯᠡᠭᠰᠡᠨ ᠮᠡᠲᠡᠭᠡ ᠡᠴᠡ ᠦᠵᠡᠪᠡᠯ ᠭᠣᠮᠪᠣᠵᠠᠪ 《 ᠳ᠋ᠠᠨᠵᠤᠤᠷ 》 ᠢ ᠣᠷᠴᠢᠭᠤᠯᠵᠤ ᠲᠡᠭᠦᠰᠦᠭᠰᠡᠨ ᠤ ᠳᠠᠷᠠᠭ᠎ᠠ ᠪᠠᠰᠠ ᠬᠢᠲᠠᠳ 《 ᠭᠠᠨᠵᠤᠤᠷ 》 ᠦ᠋ᠨ ᠳᠣᠲᠣᠷᠠᠬᠢ ᠲᠥᠪᠡᠳ ᠬᠡᠯᠡ ᠳᠡᠭᠡᠷ᠎ᠡ ᠦᠭᠡᠢ ᠵᠦᠢᠯᠡᠰ ᠢ ᠲᠥᠪᠡᠳ ᠬᠡᠯᠡ ᠳᠡᠭᠡᠷ᠎ᠡ ᠣᠷᠴᠢᠭᠤᠯᠬᠤ ᠶᠢ ᠢᠳᠡᠪᠬᠢᠯᠡᠨ ᠵᠣᠷᠢᠵᠤ ᠪᠠᠢᠭᠰᠠᠨ ᠪᠠ ᠪᠠᠰᠠ ᠪᠤᠰᠤᠳ ᠨᠣᠮ ᠣᠷᠴᠢᠭᠤᠯᠬᠤ ᠭᠡᠵᠦ ᠳᠤᠷᠠᠳᠴᠤ ᠪᠠᠶ᠋ᠢᠬᠰᠠᠨ ᠮᠡᠲᠡᠭᠡ ᠪᠣᠢ ᠃ ᠡᠭᠦᠨ ᠡᠴᠡ ᠦᠵᠡᠪᠡᠯ ᠭᠣᠮᠪᠣᠵᠠᠪ 1749 ᠣᠨ ᠠ᠋ᠴᠠ ᠬᠣᠶ᠋ᠢᠰᠢ ᠪᠠᠰᠠ ᠠᠮᠢᠲᠤᠷᠠᠵᠤ ᠪᠠᠶ᠋ᠢᠬᠰᠠᠨ ᠶᠤᠮ ᠃
ᠡᠲᠡᠭᠡᠷ ᠡᠴᠡ ᠦᠵᠡᠪᠡᠯ ᠭᠣᠮᠪᠣᠵᠠᠪ1680 ᠤᠷᠢᠳ ᠬᠣᠵᠢᠳ ᠶ᠋ᠢᠠᠷ ᠮᠡᠨᠲᠦᠯᠡᠵᠦ1750 ᠣᠨ ᠠ᠋ᠴᠠ ᠬᠣᠢᠨ᠎ᠠ ᠨᠠᠰᠤ ᠪᠠᠷᠠᠭᠰᠠᠨ ᠪᠣᠯᠤᠯᠲᠠᠢ ᠃

