ᠬᠡᠪᠯᠡᠭᠳᠡᠭᠡ ᠦᠭᠡᠢ ᠨᠣᠮ ᠤᠳ – ᠬᠤᠨᠲᠤᠨ ᠪᠠᠭᠠᠲᠤᠷ Хэвлэгдээгүй номууд    –    хунтун баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠪᠯᠡᠭᠳᠡᠭᠡ ᠦᠭᠡᠢ ᠨᠣᠮ ᠤᠳ – ᠬᠤᠨᠲᠤᠨ ᠪᠠᠭᠠᠲᠤᠷ Хэвлэгдээгүй номууд    –    хунтун баатар

ᠬᠡᠪᠯᠡᠭᠳᠡᠭᠡ ᠦᠭᠡᠢ ᠨᠣᠮ ᠤᠳ – ᠬᠤᠨᠲᠤᠨ ᠪᠠᠭᠠᠲᠤᠷ Хэвлэгдээгүй номууд    –    хунтун баатар

2023-03-18

265

ᠬᠡᠪᠯᠡᠭᠳᠡᠭᠡ ᠦᠭᠡᠢ ᠨᠣᠮ ᠤᠳ


                ᠬᠣᠨᠳᠣᠨ ᠪᠠᠭᠠᠲᠤᠷ

 ᠬᠡᠪᠯᠡᠭᠳᠡᠭᠡ ᠦᠭᠡᠢ ᠦᠨᠡᠲᠦ ᠨᠣᠮ᠂ ᠨᠠᠰᠤᠲᠠᠢ  ᠪᠤᠭᠤᠷᠤᠯᠴᠤᠳ ᠮᠢᠨᠢ
 ᠬᠥᠳᠡᠭᠡ ᠨᠤᠲᠤᠭ  ᠢᠶᠠᠷ ᠮᠢᠨᠢ ᠡᠳᠦᠷ ᠡᠴᠡ ᠡᠳᠦᠷ ᠴᠦᠬᠡᠷᠡᠵᠦ ᠯᠠ ᠪᠠᠢᠨ᠎ᠠ
 ᠬᠥᠷᠵᠡᠢᠵᠦ  ᠪᠠᠷᠵᠠᠢᠭᠰᠠᠨ ᠨᠢᠭᠤᠷ ᠤᠨ ᠬᠢᠨᠢ ᠠᠲᠤᠷᠢᠶ᠎ᠠ ᠪᠦᠷᠢ  ᠳᠤ ᠨᠢ
 ᠬᠥᠮᠦᠨ ᠤ ᠠᠮᠢᠳᠤᠷᠠᠯ ᠤᠨ ᠡᠯᠳᠡᠪ ᠨᠢᠭᠤᠴᠠ ᠬᠠᠳᠠᠭᠠᠯᠠᠭᠳᠠᠵᠤ ᠪᠠᠢᠳᠠᠭ
 ᠠᠯᠠᠭ ᠬᠣᠷᠸ᠎ᠠ ᠬᠠᠢᠷ᠎ᠠ ᠨᠠᠢᠷ ᠦᠭᠡᠢ ᠰᠢᠦ ᠠᠪᠤᠭᠠᠳ ᠶᠠᠪᠤᠴᠢᠬᠠᠨ᠎ᠠ᠂ ᠲᠠᠨᠥᠰ ᠢ ᠮᠢᠨᠢ
 ᠠᠯᠳᠠᠭ᠎ᠠ ᠣᠨᠥᠭ᠎ᠠ ᠲᠠᠢ ᠲᠡᠦᠬᠡ ᠵᠢ ᠨᠢ ᠠᠯᠳᠠᠬᠤ ᠡᠴᠡ ᠪᠠᠨ ᠡᠮᠦᠨ᠎ᠡ 
 ᠠᠮᠵᠢᠵᠦ ᠤᠩᠰᠢᠭᠠᠷᠠᠢ ᠬᠥᠮᠥᠰ ᠮᠢᠨᠢ

 ᠪᠢᠴᠢᠭᠳᠡᠭᠡ ᠦᠭᠡᠢ ᠬᠣᠪᠣᠷ ᠨᠣᠮ᠂ ᠨᠤᠲᠤᠭ ᠤᠨ ᠬᠡᠳᠦᠨ ᠲᠣᠮᠣᠭᠠᠲᠡᠳ ᠮᠢᠨᠢ
 ᠪᠢᠳᠡᠨ ᠤ ᠬᠠᠵᠠᠭᠣᠲᠠ ᠡᠭᠦᠷᠢᠲᠡ ᠮᠥᠩᠬᠡᠷᠡᠬᠦ ᠦᠭᠡᠢ ᠨᠢ ᠶᠢᠷᠲᠢᠨᠴᠤ ᠶᠢᠨ ᠵᠢᠮ᠎ᠡ ᠪᠢᠯᠡ
 ᠪᠢᠷ ᠴᠠᠭᠠᠰᠤ  ᠪᠡᠷ ᠪᠢᠰᠢ  ᠲᠤᠭᠤᠯᠵᠤ ᠥᠩᠭᠡᠷᠡᠭᠦᠯᠦᠭᠰᠡᠨ ᠪᠣᠳᠠᠲᠤ ᠠᠮᠢᠳᠤᠷᠠᠯ ᠢᠶᠠᠷ ᠢᠶᠠᠨ
 ᠪᠢᠯᠢᠭ ᠣᠶᠣᠨ ᠢ  ᠲᠥᠯᠵᠢᠭᠦᠯᠦᠭᠴᠢ ᠨᠢᠭᠡᠨ ᠪᠣᠳᠢ ᠷᠣᠮᠠᠨ ᠪᠢᠯᠡ᠂ ᠨᠠᠰᠥᠲᠠᠳ ᠮᠢᠨᠢ
 ᠪᠤᠶᠠᠨ ᠵᠢᠷᠭᠠᠯ ᠢᠶᠠᠨ ᠦᠷ᠎ᠡ ᠬᠣᠢᠴᠢ  ᠳᠤ ᠪᠠᠨ  ᠵᠦᠩᠨᠡᠵᠦ  ᠦᠯᠡᠳᠡᠭᠡᠭᠡᠳ
 ᠪᠤᠷᠬᠠᠨ ᠤ ᠣᠷᠣᠨ  ᠳᠤ ᠨᠢᠭᠡ ᠯᠠ ᠮᠡᠳᠡᠬᠦ  ᠳᠤ  ᠶᠠᠪᠤᠴᠢᠬᠠᠨ᠎ᠠ ᠰᠢᠦ᠂ ᠡᠪᠦᠭᠡᠳ ᠮᠢᠨᠢ
 ᠪᠤᠴᠠᠰᠢ ᠦᠭᠡᠢ ᠮᠣᠷᠳᠠᠬᠤ ᠡᠴᠡ ᠨᠢ ᠡᠮᠦᠨ᠎ᠡ ᠵᠠᠪᠳᠤᠵᠤ ᠢᠯᠡᠭᠦᠬᠡᠨ ᠤᠩᠰᠢᠶ᠎ᠠ᠂ ᠠᠮᠢᠳᠤ ᠨᠣᠮ ᠢᠶᠠᠨ

 ︽ᠠᠯᠲᠠᠨ ᠬᠠᠭᠤᠳᠠᠰᠤᠨ  ᠳᠤ ᠴᠤ᠌  ᠲᠡᠮᠲᠡᠭᠯᠡᠭᠳᠡᠭᠡ ᠦᠭᠡᠢ ᠵᠦᠢᠯ ᠢ
 ᠠᠷᠤᠭ  ᠡᠭᠦᠷᠦᠭᠰᠡᠨ ᠴᠢᠪᠠᠭᠠᠨᠴᠠ ᠶᠢᠨ ᠠᠮᠠᠨ ᠡᠴᠡ ᠰᠣᠨᠣᠰᠤᠯ᠎ᠠ︾ ᠭᠡᠵᠦ
 ᠠᠪᠢᠶᠠᠰᠯᠢᠭ ᠨᠠᠢᠷᠠᠭ᠍ᠴᠢ ᠷᠢᠨᠴᠢᠨ ᠤ ᠴᠣᠢᠨᠣᠮ ᠤᠨ ᠪᠢᠴᠢᠵᠦ ᠦᠯᠡᠳᠡᠭᠡᠭᠰᠡᠨ ᠨᠢ
 ᠠᠷᠭ᠎ᠠ ᠦᠭᠡᠢ ᠯᠠ ᠦᠨᠡᠨ ᠭᠡᠳᠡᠭ ᠢ ᠠᠮᠢᠳᠤᠷᠠᠯ ᠭᠡᠷᠡᠴᠢᠯᠡᠳᠡᠭ ᠢ ᠤᠬᠠᠭᠠᠷᠠᠶ᠎ᠠ
 ᠠᠯᠳᠠᠷ ᠨᠡᠷ᠎ᠡ ᠨᠢ ᠬᠣᠷᠸ᠎ᠠ  ᠳᠤ ᠬᠣᠷᠣᠮ ᠦᠯᠡᠳᠡᠭᠡᠳ᠂  ᠬᠦᠭᠡᠷᠦᠬᠦᠢ ᠪᠤᠭᠤᠷᠤᠯ ᠦᠳ ᠮᠢᠨᠢ
 ᠠᠷᠤ ᠠᠷᠤ ᠡᠴᠡ ᠪᠠᠨ ᠴᠣᠪᠣᠷᠠᠵᠦ ᠣᠲᠣᠨ᠎ᠠ ᠰᠢᠦ᠂ ᠴᠢᠰᠤᠨ  ᠳᠤ ᠪᠠᠨ ᠰᠢᠩᠭᠡᠭᠡᠵᠦ ᠤᠩᠰᠢᠶ᠎ᠠ᠂
 ᠬᠠᠮᠳᠣ  ᠳᠤ ᠪᠠᠨ

 ᠨᠢᠭᠡ ᠤᠬᠠᠭᠠᠯᠢᠭ ᠨᠤᠲᠤᠭ ᠤᠨ ᠪᠤᠭᠤᠷᠤᠯ ᠮᠢᠨᠢ ᠬᠠᠯᠢᠨ ᠣᠳᠬᠤ ᠨᠢ
 ᠨᠢᠭᠡᠨ ᠪᠣᠳᠢ ᠭᠠᠢᠬᠠᠮᠰᠢᠭ᠍ᠲᠤ ᠨᠣᠮ ᠤᠷᠠᠭᠳᠠᠭᠰᠠᠨ ᠲᠠᠢ ᠡᠭᠡᠭᠡ ᠠᠳᠠᠯᠢ
 ᠬᠠᠲᠠᠭᠤ ᠣᠷᠴᠢᠯᠠᠩ ᠤᠨ ᠬᠠᠯᠠ ᠦᠵᠡᠵᠦ᠂ ᠠᠮᠢᠳᠤᠷᠠᠯ ᠲᠤᠭᠤᠯᠤᠭᠰᠠᠨ
 ᠬᠠᠮᠤᠭ ᠡᠴᠡ ᠦᠨᠡᠲᠦ ᠨᠣᠮ᠂ ᠨᠤᠲᠤᠭ ᠤᠨ ᠬᠡᠳᠦᠨ ᠪᠤᠭᠤᠷᠤᠯᠴᠤᠳ ᠢᠶᠠᠨ
 ᠬᠠᠢᠷᠠᠯᠠᠵᠦ ᠬᠦᠨᠳᠦᠳᠭᠡᠨ ᠬᠠᠯᠠᠰᠢᠷᠠᠯ ᠦᠭᠡᠢ ᠢᠯᠡᠭᠦᠬᠡᠨ ᠤᠩᠰᠢᠶ᠎ᠠ᠂
 ᠬᠠᠢᠷ᠎ᠠ ᠰᠢᠮ᠎ᠡ ᠶᠢ ᠨᠢ ᠬᠦᠷᠲᠡᠨ ᠪᠠᠢᠵᠦ ᠳᠠᠬᠢᠨ ᠳᠠᠬᠢᠨ ᠤᠩᠰᠢᠶ᠎ᠠ ᠬᠥᠮᠥᠰ ᠮᠢᠨᠢ᠃
          2020.4.23 ᠨᠣᠮ  ᠤᠩᠰᠢᠬᠤ ᠡᠳᠦᠷ ᠲᠦ ᠵᠣᠷᠢᠭᠤᠯᠪᠠ

    ᠦᠰᠦᠭ ᠠᠮᠢᠯᠠᠭᠤᠯᠤᠭᠰᠠᠨ ᠨᠢ:  ᠰᠣᠪᠣᠳ
       ᠬᠢᠨᠠᠭ᠍ᠴᠢ:  ᠲᠤᠭ᠍ᠴᠢ  ᠰᠠᠷᠠᠨ᠎ᠠ