ᠴᠡᠷᠢᠭ ᠡᠷᠡᠰ – ᠷ · ᠴᠣᠢᠨᠣᠮ Цэрэг эрс – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠷᠢᠭ ᠡᠷᠡᠰ – ᠷ · ᠴᠣᠢᠨᠣᠮ Цэрэг эрс – Р · Чойном

ᠴᠡᠷᠢᠭ ᠡᠷᠡᠰ – ᠷ · ᠴᠣᠢᠨᠣᠮ Цэрэг эрс – Р · Чойном

2023-03-18

271

ᠴᠡᠷᠢᠭ ᠡᠷᠡᠰ


  ᠴᠡᠷᠢᠭ  ᠡᠷᠡᠰ ᠮᠢᠨᠢ ᠂ ᠬᠡᠦᠬᠡᠳ ᠦ᠋ᠳ ᠮᠢᠨᠢ
 ᠴᠡᠴᠡᠭᠯᠡᠵᠦ ᠠᠮᠵᠢᠬ᠋᠎ᠠ ᠦᠭᠡᠢ ᠴᠡᠴᠡᠭ ᠦ᠋ᠳ ᠮᠢᠨᠢ
 ᠴᠡᠩᠭᠡᠵᠦ ᠠᠮᠵᠢᠬ᠋᠎ᠠ ᠦᠭᠡᠢ ᠡᠴᠢᠭᠡ ᠨᠤᠭᠦᠳ ᠮᠢᠨᠢ
 ᠴᠠᠮᠪᠠᠨ ᠲᠣᠭᠲᠣᠢ ᠲᠠᠢ ᠰᠤᠮᠤ ᠨᠤᠭᠤᠳ ᠮᠢᠨᠢ
 
 ᠠᠯᠲᠠᠩᠬᠠᠨ ᠠᠮᠢ ᠪᠠᠷ ᠶ᠋ᠢᠠᠨ ᠂ ᠥᠪᠡᠷ ᠶ᠋ᠢᠡᠨ ᠰᠢᠭ᠌
 ᠠᠪᠤ ᠶ᠋ᠢᠨ ᠬᠦᠦ ᠤᠷᠤᠭᠤ ᠨᠢᠭᠡᠨ ᠤᠲᠠᠬ᠋᠎ᠠ ᠫᠤᠤᠲᠠᠭᠠᠳ
 ᠳᠠᠷᠢ ᠶ᠋ᠢᠨ ᠤᠲᠤᠬ᠋᠎ᠠ ᠰᠢᠭ᠋ ᠵᠠᠮᠬᠠᠷᠠᠭᠰᠠᠨ
 ᠳᠠᠶ᠋ᠢᠴᠢᠳ ᠡᠷ᠎ᠡ ᠮᠢᠨᠢ

 ᠡᠴᠢᠭᠡ ᠮᠢᠨᠢ ᠂ ᠠᠬ᠎ᠠ ᠮᠢᠨᠢ ᠪᠣᠯᠬᠤ ᠪᠠᠷ ᠲᠥᠷᠥᠭᠡᠳ
 ᠡᠲᠦᠭᠡ ᠬᠦᠦ ᠮᠢᠨᠢ ᠪᠣᠯᠬᠤ ᠪᠠᠷ ᠦᠯᠡᠲᠡᠭᠡᠳ
 ᠡᠷ᠎ᠡ  ᠴᠡᠷᠢᠭ ᠮᠢᠨᠢ ᠂
 ᠡᠬᠡ ᠣᠷᠣᠨ ᠪ ᠠᠮᠢᠲᠤ ᠵᠡᠪᠰᠡᠭ ᠮᠢᠨᠢ

 ᠪᠦᠬᠦ ᠯᠡ ᠨᠠᠰᠤᠨ ᠪ ᠴᠢᠨᠢ ᠨᠢ ᠨᠠᠮᠲᠠᠷ ᠲᠡᠦᠬᠡ ᠶ᠋ᠢ
 ᠪᠦᠷᠢᠤᠠᠬᠡᠬᠦ ᠶᠤᠮ ᠪᠣᠯ ᠨᠢᠮᠭᠡᠬᠡᠨ ᠁
 ᠡᠴᠢᠭᠡ  ᠶ᠋ᠢᠨ  ᠬᠢᠨᠢ ᠭᠡᠷᠢᠶᠡᠰ ᠳᠤᠷᠠᠰᠬᠠᠯ ᠦ᠋ᠨ ᠬᠥᠰᠢᠶ᠎ᠡ ᠤᠷᠤᠭᠤ
 ᠡᠭᠴᠡᠬᠡᠨ ᠲᠠᠲᠠᠭᠰᠠᠨ ᠪᠦᠲᠡᠭᠢᠬᠡᠨ ᠱᠤᠭᠤᠮ ᠃
         ( ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ )

 
       《 ᠷ · ᠴᠣᠶ᠋ᠢᠨᠣᠮ ᠦ᠋ᠨ  ᠰᠢᠯᠦᠭ ᠵᠣᠬᠢᠶᠠᠯ ᠦ᠋ᠨ ᠬᠤᠷᠢᠶᠠᠬᠤᠢ — 》 
          — ᠤᠶᠠᠩᠬ᠋᠎ᠠ ᠶ᠋ᠢᠨ  ᠰᠢᠯᠦᠭ ᠡᠴᠡ ᠬᠠᠭᠤᠯᠪᠠ
               ᠪᠢ‍ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
                ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
  
     ᠦᠰᠦᠭ  ᠠᠮᠢᠯᠠᠭᠤᠯᠤᠭᠴᠢ ᠄ ᠣᠤᠠᠬᠠᠨᠰᠣ‌‍ᠠ᠋
      ᠬᠢᠨᠠᠭᠴᠢ ᠄   ᠮᠥᠩᠭᠥᠨᠴᠡᠴᠡᠭ ᠂ ᠪᠠᠶᠠᠨᠰᠡᠷᠡᠩ