ᠪᠦᠰᠡᠭᠦᠢ ᠲᠠᠨ  ᠳᠤ - ᠷ ᠂ ᠴᠣᠢᠨᠣᠮ ( ᠨᠠᠷᠭᠢᠶ᠎ᠠ ᠰᠢᠯᠦᠭ ) Бүсгүй танд - Р ᠂ Чойном ( наргиа шүлэг) ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠲᠠᠨ  ᠳᠤ - ᠷ ᠂ ᠴᠣᠢᠨᠣᠮ ( ᠨᠠᠷᠭᠢᠶ᠎ᠠ ᠰᠢᠯᠦᠭ ) Бүсгүй танд - Р ᠂ Чойном ( наргиа шүлэг)

ᠪᠦᠰᠡᠭᠦᠢ ᠲᠠᠨ  ᠳᠤ - ᠷ ᠂ ᠴᠣᠢᠨᠣᠮ ( ᠨᠠᠷᠭᠢᠶ᠎ᠠ ᠰᠢᠯᠦᠭ ) Бүсгүй танд - Р ᠂ Чойном ( наргиа шүлэг)

2023-03-18

337

ᠪᠦᠰᠡᠭᠦᠢ ᠲᠠᠨ ᠳᠤ


           ( ᠨᠠᠷᠬᠢᠶ᠎ᠠ ᠰᠢᠯᠦᠭ )
 
 ᠪᠣ᠍ᠢᠰᠠᠬᠥᠢ ᠲᠠ ᠨᠠᠮᠠ᠍ᠢᠢ
 ᠪᠦᠲᠦᠯ ᠦᠬᠡᠢ ᠡᠷ᠎ᠠ ᠬᠡᠵᠣ ᠪᠣᠣ ᠪᠣᠳᠣ 
 ᠪᠣᠭᠣᠷᠣᠯ ᠪᠣᠯᠤᠭᠰᠠᠨ ᠨᠠᠳᠠ 
 ᠪᠣᠷᠣᠭᠣ ᠰᠠᠨᠠᠭᠰᠠᠨ ‍ᠤ ᠬᠡᠷᠩ ᠦᠬᠡᠢ ᠃

 ᠪᠢ ᠂ ᠮᠠᠭᠤ ᠶᠠᠭᠤᠮ᠎ᠠ ᠬᠢᠬᠦ ᠥᠬᠡᠢ
 ᠪᠢᠲᠡᠭᠡᠢ ᠲᠠ ᠴᠡᠷᠪᠡᠭᠡᠳ ᠪᠠᠢ ! 
 ᠵᠠᠶᠠᠭ᠎ᠠ ᠨᠢ ᠪᠢ ᠲᠠᠨ ᠢ 
 ᠵᠠᠭᠠᠮᠠᠳᠠᠵᠤ ᠠᠪᠤᠭᠠᠳ ᠵᠣᠳᠣᠴᠢᠬᠠᠬᠤ ᠥᠬᠡᠢ ᠃ 

 ᠨᠠᠭᠠᠰᠢ ᠪᠠᠨ ᠣᠶ᠋ᠢᠷᠠᠲᠤᠯ᠎ᠠ ᠭᠡᠳ 
 ᠭᠣᠶᠣ ᠬᠤᠪᠴᠠᠰᠤ ᠶᠢ ᠴᠢᠨᠢ ᠤᠷᠠᠴᠢᠠᠬᠬᠤ ᠥᠬᠡᠢ 
 ᠨᠠᠯᠠᠭᠠᠳ ᠰᠠᠭᠤᠯ᠎ᠠ ᠭᠡᠳ 
 ᠭᠤᠸᠠᠯᠢᠭ ᠪᠡᠶ᠎ᠡ ᠶᠢ ᠴᠢᠨᠢ ᠢᠳᠡᠴᠢᠬᠡᠬᠦ ᠥᠬᠡᠢ ᠃

 ᠨᠢᠭᠡᠨ ᠪᠡᠶ᠎ᠡ ᠳᠤ ᠴᠢᠨᠢ ᠴᠦ᠍ ᠭᠡᠰᠡᠨ  
 ᠨᠡᠷ᠎ᠡ ᠲᠥᠷᠥ ᠳᠤ ᠴᠢᠨᠢ ᠴᠦ᠍ ᠭᠡᠰᠡᠨ
 ᠶᠠᠮᠠᠷ ᠴᠦ᠍ ᠭᠡᠮ ᠬᠢᠬᠦ ᠦᠭᠡᠢ
 ᠶᠠᠭᠠᠬᠢᠯ᠎ᠠ ᠭᠡᠵᠦ ᠳ᠋ᠠ ᠂ ᠡᠨᠡ ᠴᠢᠨᠢ ! 

 ᠭᠡᠬᠦ ᠳᠡᠭᠡᠨ ᠪᠢ ᠂ ᠠᠮᠢᠳᠤᠷᠠᠯ ᠠᠴᠠ 
 ᠭᠡᠭᠡᠭᠳᠡᠵᠦ ᠦᠯᠡᠳᠡᠭᠰᠡᠨ ᠬᠥᠮᠦᠨ ᠪᠠᠰᠢ 
 ᠬᠥᠮᠦᠨ ᠤ ᠶᠣᠰᠣ ᠶᠢ ᠶᠣᠰᠣᠯᠠᠬᠤ ᠥᠬᠡᠢ 
 ᠬᠦᠢᠲᠡᠨ ᠰᠡᠳᠬᠢᠯᠲᠡᠨ ᠪᠢᠰᠢ 

 ᠬᠤᠪᠢᠰᠬᠠᠯᠲᠤ ᠵᠠᠰᠠᠭ ᠠᠴᠠ ᠴᠤ ᠨᠢᠭᠤᠬᠤ ᠥᠬᠡᠢ 
 ᠬᠤᠪᠢ ᠶᠢᠨ ᠴᠡᠩᠭᠡᠯ ᠤᠨ ᠬᠥᠨᠵᠢᠯᠡ ᠶᠢ 
 ᠬᠤᠴᠢᠯᠭ᠎ᠠ ᠣᠯᠳᠠᠬᠤ ᠥᠬᠡᠢ ᠪᠣᠯ ᠂ ᠲᠠᠨ ᠳᠠᠶ᠎
 ᠬᠤᠪᠢᠶᠠᠵᠤ ᠨᠥᠮᠥᠷᠬᠦ ᠳᠤ ᠪᠡᠯᠡᠨ ! 

 ᠲᠣᠭᠣᠰᠣᠲᠤ ᠳᠤ ᠲᠥᠷᠥᠭᠰᠡᠨ ᠬᠥᠮᠦᠨ ᠤ ᠦᠷ᠎ᠡ 
 ᠲᠣᠭᠣᠷᠢᠬᠤ ᠥᠬᠡᠢ ᠳᠠᠭᠠᠷᠢᠳᠠᠭ ᠵᠢᠮ᠎ᠡ ᠲᠠᠢ 
 ᠲᠠᠩᠰᠤᠭ ᠲᠡᠷᠡ ᠴᠡᠩᠭᠡᠯ  ‍ᠢ
 ᠲᠠᠨ ᠲᠠᠢ ᠬᠤᠪᠢᠶᠠᠬᠤ ᠳᠤ ᠪᠡᠯᠡᠨ ᠃ 

 ᠲᠠᠭᠠᠯᠠᠨ ᠬᠦᠷᠲᠡᠭᠡᠬᠦ ᠬᠣᠷᠸ᠋᠎ᠠ ᠶᠢᠨ ᠬᠡᠰᠢᠭ ᠢ 
 ᠲᠠ ᠬᠦᠯᠢᠶᠡᠵᠦ ᠠᠪᠬᠤ ᠶᠣᠰᠣᠲᠠᠢ 
 ᠪᠢ ᠴᠦ᠍ ᠥᠭᠬᠦ ᠶᠣᠰᠣᠲᠠᠢ 
 ᠪᠢᠲᠡᠭᠡᠢ ᠲᠠ ᠭᠠᠶ᠋ᠢᠬ᠎ᠠ ᠃ 

 ᠡᠬᠡ ᠪᠣᠯᠣᠭᠰᠠᠨ ᠪᠠᠶ᠋ᠢᠭᠠᠯᠢ ᠠᠴᠠ 
 ᠡᠷ᠎ᠡ ᠡᠮ᠎ᠡ ᠬᠦᠢᠰᠦᠲᠡᠨ ᠳᠤ ᠦᠭᠭᠦᠭᠰᠡᠨ 
 ᠡᠭᠦᠷᠭᠡ ᠡᠨᠡ ᠪᠠᠶ᠋ᠢᠨ᠎ᠠ 
 ᠥᠬᠡᠢ ᠭᠡᠬᠦ ᠭᠠᠵᠠᠷ ᠥᠬᠡᠢ 

 ᠡᠮᠡᠭᠲᠡᠢ ᠲᠠᠨ ᠢ ᠬᠠᠷᠢᠨ 
 ᠳᠤᠷᠠᠲᠠᠢ ᠴᠦ᠍ ᠭᠡᠰᠡᠨ ᠲᠤᠷ᠎ᠠ ᠥᠬᠡᠢ ᠶᠤᠮ ᠰᠢᠭ ᠪᠠᠢ 
 ᠡᠷ᠎ᠡ ᠬᠥᠮᠦᠨ ᠨᠠᠮᠠᠶ᠋ᠢ 
 ᠳᠠᠭᠤ ᠥᠬᠡᠢ ᠴᠦ᠍ ᠭᠡᠰᠡᠨ ᠳᠤᠤᠭᠠᠷᠴᠤ ᠬᠡᠯᠡ ᠠ᠋ !  ᠭᠡᠵᠦ 
 ᠪᠤᠷᠬᠠᠨ ᠪᠠᠭᠰᠢ ᠠᠴᠠ ᠪᠠᠭᠤᠯᠭᠠᠭᠰᠠᠨ ᠵᠠᠷᠯᠢᠭ
 ᠵᠠᠪᠠᠯ ᠪᠠᠶᠠᠯᠠᠬᠥᠯᠬᠥ ᠵᠠᠬᠢᠷᠣᠮᠵᠢ ᠪᠣᠢ ᠃ 

 ᠨᠠᠷ᠍ᠢᠨ ᠣᠴ᠍ᠢᠷ ᠢ᠍ᠢᠮᠣ ᠬᠣ᠍ᠢ᠍ᠢᠨ᠎ᠠ 
 ᠨᠠᠮᠠ᠍ᠢᠢ ᠪᠢᠲᠡᠭᠡᠢ ᠶ᠋ᠢᠮᠠᠯᠠ 
 ᠨᠠᠰᠣ ᠪᠠᠶ᠎ᠠ ᠶ᠋ᠢᠨ ᠶ᠋ᠢᠠᠨ ᠪᠣᠢ  ᠳᠤ 
 ᠨᠠᠭᠠᠰᠢ ᠪᠠᠨ ᠦ᠍ᠢᠷᠠᠣᠠᠴᠣ ᠰᠠᠭᠣ ᠃ 

 ᠲᠠ ᠪᠢᠳᠡ ᠬᠣᠶᠠᠷ ᠦᠨ ᠬᠢᠬᠥ 
 ᠲᠠᠭᠠᠯᠠᠮᠵᠢᠲᠤ ᠡᠨᠡ ᠠᠵ᠍ᠢᠯ 
 ᠬᠡᠨ  ᠳᠤ ᠴᠤ᠌ ᠬᠡᠷᠩ ᠦᠬᠡᠢ ᠰᠠᠨ ᠪᠣᠯ 
 ᠬᠡᠷᠬᠢᠨ ᠪᠢ ᠲᠣᠷᠠᠯᠠᠠᠠᠣ ᠪᠣᠢ ᠃ 

 ᠡᠷᠡᠭᠲᠡᠢ ᠡᠮᠡᠭᠲᠡᠢ ᠬᠣᠶᠠᠷ ᠦᠨ 
 ᠡᠳ᠋ ᠮᠦᠷ ᠦᠨ ᠪᠠᠷᠢᠮᠲᠠ
 ᠠᠮᠢᠳᠤ ᠬᠡᠷᠠᠴᠢ ᠨᠢ ᠪᠣᠯᠣᠠᠠᠰᠠᠨ 
 ᠠᠩᠠᠠᠠᠨ ‍ᠤ ᠬᠢᠨᠢ ᠬᠡᠣᠬᠡᠣᠨ ᠭᠠᠷᠣᠮᠠᠠᠠᠴᠠ 

 ᠵᠠᠰᠠᠬ᠍ ᠲᠦᠷᠣ  ᠪᠢᠳᠡᠨ ‍ᠢ ‍
 ᠵᠠᠳᠠ ᠰᠢᠢᠳᠬᠡᠬᠦ ᠶᠣᠰᠣᠲᠠᠢ 
 ᠦᠵᠠᠯ ᠰᠤᠷᠲᠠᠯ  ᠳᠤ ᠲᠠᠭᠠᠷᠠᠠᠠᠣ ᠦᠬᠡᠢ ᠬᠡᠵᠣ 
 ᠥᠯᠳᠡᠨ ᠬᠥᠬᠡᠬᠡᠬᠥ ᠶᠣᠰᠣᠲᠠᠢ ᠃ 

 ᠬᠠᠷ᠍ᠢᠨ ᠲᠡᠭᠡᠲᠡᠯ᠎ᠡ᠂  ᠰᠢᠢᠳᠬᠡᠳᠡᠭ ᠦᠭᠡᠢ
 ᠬᠠᠯᠠᠮᠵ᠍ᠢᠯᠠᠵᠣ ᠲᠣᠰᠴᠣ ᠠᠪᠳᠠᠭ 
 ᠣᠯᠠᠨ ᠬᠡᠣᠬᠡᠣᠨ ᠭᠠᠷᠭᠠᠠᠠᠣ ᠲᠣᠰᠣᠮ 
 ᠣᠳᠣᠨ ᠶ᠋ᠢᠠᠷ ᠬᠦᠷᠲᠡᠯ᠎ᠡ ᠱᠠᠩᠨᠠᠳᠠᠭ ᠃ 

 ᠨᠠᠰᠣ ᠪᠠᠷ ᠶ᠋ᠢᠠᠨ ᠰᠢᠯᠦᠭ ᠪᠢᠴ᠍ᠢᠬᠡᠣᠨ ᠪᠢᠳᠡ 
 ᠨᠠ᠍ᠢ᠍ᠢᠷᠠᠠᠠᠴᠢ ᠶ᠋ᠢᠨ ᠣᠳᠣᠨ ᠠᠪᠣᠭ᠎ᠠ ᠦᠬᠡᠢ ᠪᠠ᠍ᠢ᠍ᠢᠠᠠᠣ  ᠳᠤ 
 ᠠᠯᠳᠠᠷᠲᠤ ᠡᠬᠡ ᠶ᠋ᠢᠨ ᠣᠳᠣᠨ ᠲᠠᠢ 
 ᠠᠪᠠᠭᠠᠢ ᠬᠡᠣᠬᠡᠨ ᠎ᠨᠤᠭᠦᠳ ᠲᠣᠶ᠋ᠢᠮᠣ ᠦᠭᠡᠢ  

 ᠣᠴ᠍ᠢᠷ ᠢ᠍ᠢᠮᠣ ᠡᠴᠠ ᠡᠨᠡ 
 ᠣᠷᠠᠨ  ᠰᠢᠯᠦᠭ ᠡᠴᠠ ᠨᠢ ᠢᠯᠠᠬᠥᠣ
 ᠤᠯᠤᠰ ᠲᠦ ᠬᠡᠷᠡᠭᠲᠡᠢ ᠠᠵᠢᠯ ᠶᠤᠮ 
 ᠠᠭᠣᠴ᠍ᠢᠯᠠᠭᠠᠷᠠᠢ ᠂ ᠲᠠ ᠃ 

 ᠡᠴᠣᠰ ᠦᠨ ᠡᠴᠣᠰ ᠲᠤ
 ᠡᠷᠬᠢᠮ ᠲᠠᠨ  ᠳᠤ ᠵᠣᠷ᠍ᠢᠭᠣᠯᠵᠣ 
《 ᠮᠣᠩᠭᠣᠯ ᠦᠨ ᠦᠷᠠᠰ ᠮᠠᠰᠢ ᠣᠯᠠᠨ ᠪᠣᠯᠲᠤᠭᠠᠢ ! 》 ᠬᠡᠵᠣ 
 ᠨᠠᠳᠠ ᠠ᠋ᠴᠠ ᠡᠮᠣᠨ᠎ᠠ ᠬᠡᠯᠩᠰᠠᠨ ᠨᠠᠴᠤᠭᠳᠣᠷᠵᠢ ᠶ᠋ᠢᠨ ᠬᠡᠷ᠍ᠢᠶᠠᠰ ᠪᠣᠢ  !  
 ᠴᠢᠩᠳᠠᠯᠠᠵᠤ ᠵᠠᠬᠢᠠᠠᠰᠠᠨ ᠬᠡᠷ᠍ᠢᠶᠠᠰ ‍ᠢ ᠴᠢᠨᠢ 
 ᠴᠢᠳᠠᠯᠲᠠᠢ ᠲᠠᠬᠡᠷ᠎ᠠ ᠪᠠᠨ ᠪᠠᠶᠠᠯᠠᠬᠥᠯᠣᠶ᠎ᠠ !
              1979 ᠂3 ᠂21

          ᠦᠰᠦᠭ ᠠᠮᠢᠯᠠᠭᠤᠯᠤᠭᠴᠢ ᠄ ᠠᠵᠠᠵᠠᠶᠠᠭ᠎ᠠ
             ᠬᠢᠨᠠᠭᠴᠢ ᠄ ᠣᠳᠬᠠᠨᠰᠣ᠎ᠠ