ᠠᠷᠭᠠᠯᠴᠢᠨ ᠡᠮᠡᠭᠡ — ᠮᠢᠨᠦ ᠡᠮᠡᠭᠡ : ᠭᠦᠷᠵᠠᠪ Аргалчин эмээ — Миний эмээ : Гүржав
ᠠᠷᠭᠠᠯᠴᠢᠨ ᠡᠮᠡᠭᠡ — ᠮᠢᠨᠦ ᠡᠮᠡᠭᠡ
ᠭᠦᠷᠵᠡᠪ
ᠠᠴᠢᠷ ᠬᠣᠶ᠋ᠢᠴᠢᠰ ᠠᠶ᠋ᠢᠯ ᠭᠤᠯᠤᠮᠲᠠ ᠪᠠᠨ
ᠠᠯᠢ ᠪᠣᠯᠬᠤ ᠪᠠᠷ ᠡᠷᠭᠦᠨ ᠲᠤᠰᠠᠯᠠᠶ᠎ᠠ ᠭᠡᠵᠦ
ᠠᠷᠤᠭ ᠠᠷᠤᠭ ᠶ᠋ᠢᠠᠷ ᠠᠷᠭᠠᠯ ᠲᠡᠭᠦᠵᠦ
ᠠᠷᠤ ᠨᠢᠷᠤᠭᠤ ᠪᠠᠨ ᠴᠢᠯᠡᠲᠡᠯ᠎ᠡ ᠡᠭᠦᠷᠴᠦ
ᠥᠷᠥᠭᠡ ᠪᠣᠯᠭᠠᠨ ᠪ ᠪᠠᠨ ᠵᠤᠤᠬ᠎ᠠ ᠲᠤᠯᠬ᠋ᠠ ᠶ᠋ᠢ
ᠡᠲᠦᠷ ᠲᠤᠵᠢ ᠬᠥᠭᠵᠢᠭᠡᠨ ᠳᠦᠷᠡᠯᠵᠢᠭᠦᠯᠳᠡᠭ
ᠠᠷᠭᠠᠯᠴᠢᠨ ᠡᠮᠡᠭᠡ — ᠮᠢᠨᠦ ᠡᠮᠡᠭᠡ
ᠠᠵᠢᠯᠰᠠᠭ ᠬᠥᠳᠡᠯᠮᠦᠷᠢᠰᠡᠭ ᠰᠠᠶ᠋ᠢᠨ ᠡᠮᠡᠭᠡ
ᠬᠡᠭᠡᠷ᠎ᠡ ᠶ᠋ᠢᠨ ᠭᠦᠶᠦᠳᠡᠭ ᠂ ᠬᠡᠪᠲᠡᠯᠭᠡᠨ ᠪ ᠬᠠᠭᠤᠯᠲᠠᠰᠤ ᠶ᠋ᠢ
ᠬᠡᠮᠬᠡᠳᠡᠭ ᠴᠦ᠍ ᠦᠯᠡᠲᠡᠭᠡᠯ ᠦᠭᠡᠢ ᠬᠠᠮᠤᠵᠤ ᠴᠤᠭᠯᠠᠭᠤᠯᠵᠤ
ᠬᠡᠦᠲᠡᠢ ᠬᠡᠦᠲᠡᠢ ᠪᠡᠷ ᠰᠠᠪᠠᠯᠠᠨ ᠠᠭᠤᠲᠠᠯᠵᠤ
ᠬᠦᠷᠢᠶ᠎ᠡ ᠰᠠᠷᠠᠪᠴᠢ ᠪᠠᠨ ᠳᠦᠭᠦᠷᠲᠡᠯ᠎ᠡ ᠵᠡᠷᠭᠡᠯᠡᠵᠦ
ᠬᠡᠦᠬᠡᠳ ᠦᠷᠡᠰ ᠦ᠋ᠨ ᠶ᠋ᠢᠡᠨ ᠬᠡᠷᠡᠭᠴᠡᠭᠡ ᠵᠠᠷᠤᠯᠬ᠋ᠠ ᠳᠤ
ᠬᠦᠷᠦᠯᠴᠡᠬᠦᠶ᠋ᠢᠴᠡ ᠪᠦᠷᠢᠨ ᠪᠡᠯᠡᠤᠠᠭᠡᠯ ᠬᠢᠳᠡᠭ
ᠠᠷᠭᠠᠯᠴᠢᠨ ᠡᠮᠡᠭᠡ — ᠮᠢᠨᠦ ᠡᠮᠡᠭᠡ
ᠠᠷᠬ᠋᠎ᠠ ᠤᠬᠠᠭᠠᠨ ᠮᠡᠷᠭᠡᠨ ᠡᠮᠡᠭᠡ
ᠬᠠᠯᠠᠭᠤᠨ ᠤᠯᠠᠷᠢᠯ ᠂ ᠰᠡᠷᠢᠭᠦᠨ ᠴᠠᠭ ᠦ᠋ᠨ
ᠬᠠᠪᠤᠯᠢᠬ ᠳᠡᠯᠪᠡᠭ ᠳᠤᠬᠢᠶᠠᠯ ᠊ᠢ ᠠᠮᠵᠢᠭᠤᠯᠵᠤ
ᠬᠠᠰᠢᠶ᠎ᠠ ᠬᠠᠰᠢᠶ᠎ᠠ ᠪᠠᠷ ᠠᠷᠭᠠᠯ ᠣᠷᠤᠭᠤᠯᠵᠤ
ᠬᠠᠶᠠᠬ᠋ᠠ ᠬᠠᠨ᠎ᠠ ᠪᠠᠨ ᠳᠠᠪᠠᠲᠠᠯ᠎ᠠ ᠣᠪᠣᠭᠠᠯᠠᠵᠤ
ᠬᠠᠪᠤᠷ ᠡᠪᠦᠯ ᠦ᠋ᠨ ᠭᠠᠴᠢᠬ ᠬᠦᠢᠲᠡᠨ ᠊ᠢ
ᠬᠠᠯᠠᠭᠤᠨ ᠭᠠᠯ ᠶ᠋ᠢᠠᠷ ᠶ᠋ᠢᠠᠨ ᠳᠤᠯᠠᠭᠠᠯᠠᠨ ᠭᠡᠰᠭᠡᠳᠡᠭ
ᠠᠷᠭᠠᠯᠴᠢᠨ ᠡᠮᠡᠭᠡ — ᠮᠢᠨᠦ ᠡᠮᠡᠭᠡ
ᠠᠵᠤ ᠣᠨᠲᠣᠷᠤᠯᠬ᠋ᠠ ᠳ᠋ᠠᠭᠠᠨ ᠳᠡᠮ ᠲᠡᠢ ᠡᠮᠡᠭᠡ !
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ8 ᠪ ᠡᠲᠦᠷ ᠃
