ᠠᠭᠤᠯᠠ – ᠭᠦᠷᠵᠠᠪ Уул    – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠤᠯᠠ – ᠭᠦᠷᠵᠠᠪ Уул    – Гүржав

ᠠᠭᠤᠯᠠ – ᠭᠦᠷᠵᠠᠪ Уул    – Гүржав

2023-03-18

293

ᠠᠭᠤᠯᠠ


               ᠭᠦᠷᠵᠠᠪ

 ᠠᠭᠤᠯᠠ — ᠲᠠᠯ᠎ᠠ ᠶ᠋ᠢᠨ ᠲᠦᠰᠢᠭ
 ᠤᠤᠬᠢᠬᠤ ᠰᠠᠯᠬᠢ ᠂ ᠬᠠᠤᠭᠢᠬᠤ ᠰᠢᠭᠤᠷᠬ᠋᠎ᠠ ᠶ᠋ᠢ 
 ᠤᠬᠤᠷᠢᠭᠤᠯᠵᠤ ᠬᠣᠷᠢᠬᠯᠠᠭᠴᠢ ᠬᠦᠴᠦᠲᠦ ᠡᠷ᠎ᠡ
 ᠤᠷᠪᠠᠬᠤ ᠲᠩᠷᠢ ᠂  ᠣᠩᠬᠣᠯᠢᠬᠤ ᠳᠡᠯᠡᠬᠡᠢ ᠶ᠋ᠢ
 ᠲᠤᠯᠤᠨ ᠲᠣᠭᠲᠠᠭᠠᠭᠴᠢ ᠲᠤᠯᠭᠠᠭᠤᠷᠢ ᠂ ᠲᠡᠩᠬᠡᠯᠢᠭ
 ᠠᠭᠤᠯᠠ — ᠲᠠᠯ᠎ᠠ ᠶ᠋ᠢᠨ ᠲᠦᠰᠢᠭ
 ᠠᠭᠤᠯᠠ — ᠤᠵᠠᠭᠤᠷ ᠦ᠋ᠨ ᠲᠡᠦᠬᠡ
 ᠤᠰᠤ ᠰᠢᠷᠭᠢᠵᠦ ᠂ ᠬᠥᠷᠥᠰᠥ ᠬᠠᠲᠠᠵᠤ
 ᠤᠷᠭᠤᠮᠠᠯ ᠳᠠᠷᠤᠭᠳᠠᠵᠤ ᠂ ᠪᠣᠲᠠᠰ ᠪᠤᠯᠠᠭᠲᠠᠵᠤ
 ᠤᠲᠠᠭᠠᠨ ᠣᠨ — ᠤᠨᠲᠠᠭᠰᠠᠭᠠᠷ ᠂  ᠬᠡᠪᠲᠡᠭᠰᠡᠭᠡᠷ
 ᠤᠷᠭᠤᠨ ᠴᠢᠯᠠᠭᠤᠵᠢᠬᠰᠠᠨ
 ᠤᠵᠠᠭᠤᠷ ᠦ᠋ᠨ ᠲᠡᠦᠬᠡ
 ᠠᠭᠤᠯᠠ — ᠤᠬᠠᠭᠠᠨ ᠪ ᠳᠥᠷᠥᠭᠡ
 ᠤᠶᠠᠩᠭᠠᠷᠠᠵᠤ ᠵᠢᠷᠭᠢᠬᠦ ᠨᠢᠯᠬ᠎ᠠ ᠪᠣᠲᠣᠯ ᠦ᠋ᠨ ᠮᠢᠨᠢ
 ᠣᠭᠲᠠᠷᠭᠤᠢ  ᠳᠤ ᠭᠠᠷᠬᠤ ᠂ ᠣᠷᠴᠢᠯᠠᠩ ᠊ᠢ ᠬᠠᠶ᠋ᠢᠬᠤ
 ᠣᠲᠣᠨ  ᠳᠤ ᠬᠦᠷᠬᠦ — ᠣᠩᠭᠢᠴᠢᠵᠤ ᠠᠭᠤᠲᠠᠯᠬᠤ
 ᠠᠩᠬᠠᠨ ᠪ ᠱᠠᠲᠤ ᠂ ᠠᠰᠬᠠᠨ  ᠲᠡᠭᠳᠡᠷ
 ᠠᠭᠤᠯᠠ — ᠤᠬᠠᠭᠠᠨ ᠪ ᠳᠥᠷᠥᠭᠡ
 ᠠᠭᠤᠯᠠ — ᠤᠬᠤᠴᠢᠯᠠᠭᠤᠰᠢᠲᠠᠢ ᠨᠢᠭᠤᠴᠠ
 ᠤᠯᠠ ᠶ᠋ᠢᠨ ᠳᠣᠣᠷ᠎ᠠ ᠪᠠᠨ ᠂ ᠪᠡᠯ ᠦ᠋ᠨ ᠳᠡᠭᠡᠷ᠎ᠡ ᠪᠡᠨ
 ᠠᠭᠤᠷᠬᠠᠢ ᠪᠤᠯᠠᠭᠲᠠᠴᠠ ᠶ᠋ᠢ ᠠᠭᠤᠯᠤᠭᠰᠠᠨ ᠂ ᠬᠠᠲᠠᠭᠠᠯᠠᠭᠰᠠᠨ
 ᠤᠯᠠᠮ ᠳᠣᠲᠣᠭᠰᠢ ᠪᠠᠨ ᠂ ᠤᠨᠠᠭᠠᠨ ᠢᠷᠣᠭᠠᠷ ᠲᠠᠭᠠᠨ
 ᠣᠨᠴᠠ ᠴᠤᠬᠠᠭ ᠡᠷᠲᠡᠨᠢᠰ ᠊ᠢ ᠳᠠᠯᠳᠠᠯᠠᠭᠰᠠᠨ ᠂ ᠳᠠᠷᠤᠭᠰᠠᠨ
 ᠤᠬᠤᠴᠢᠯᠠᠭᠤᠰᠢᠲᠠᠢ ᠨᠢᠭᠤᠴᠠ ᠃

  ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

          ᠦᠰᠦᠭ ᠠᠮᠢᠯᠠᠭᠤᠯᠤᠭᠴᠢ ᠄  ᠪᠠᠶᠠᠷᠴᠡᠴᠡᠭ
                   ᠬᠢᠨᠠᠭᠴᠢ ᠄  ᠪᠠᠶᠠᠷᠴᠡᠴᠡᠭ
                20230307