ᠲᠣᠬᠤᠨᠲᠡᠮᠦᠷ ᠤᠬᠠᠭᠠᠨᠲᠤ ᠬᠠᠭᠠᠨ (2) - ᠬᠦᠴᠢᠬᠡᠨ Тохонтөмөр ухаант хаан(2) - Хүчхэн
ᠲᠣᠬᠤᠨᠲᠡᠮᠦᠷ ᠤᠬᠠᠭᠠᠨᠲᠤ ᠬᠠᠭᠠᠨ - ᠬᠣᠶᠠᠳᠤᠭᠠᠷ ᠪᠦᠯᠦᠭ
ᠬᠣᠶᠠᠳᠤᠭᠠᠷ ᠪᠦᠯᠦᠭ ᠠᠬ᠎ᠠ ᠳᠡᠭᠦᠦ ᠬᠣᠶᠠᠷ ᠬᠣᠭᠣᠷᠣᠨᠲᠣ ᠪᠠᠨ ᠰᠡᠵᠢᠭ᠌ᠯᠡᠯᠲᠦᠨ
ᠲᠥᠷᠥ ᠶ᠋ᠢᠨ ᠬᠢᠮᠤᠷᠠᠯ ᠡᠭᠦᠰᠪᠠᠢ
ᠠᠩᠬᠠᠨ ᠪ 《 ᠶᠡᠬᠡ ᠪᠣᠯᠵᠣᠬ᠋᠎ᠠ 》ᠪᠠᠨ ᠡᠪᠲᠡᠭᠡᠳ ᠰᠠᠮᠠᠭᠤᠨ ᠪ ᠦᠨᠲᠦᠰᠦ ᠬᠠᠤᠠᠬᠤᠪᠠᠢ᠃
ᠥᠭᠦᠯᠡᠬᠦ ᠢᠨᠤ ᠂ ᠲᠡᠮᠦᠷ ᠥᠯᠵᠡᠶ᠋ᠢᠲᠦ ᠬᠠᠭᠠᠨ ᠬᠠᠯᠢᠬᠰᠠᠨ ᠮᠡᠲᠡᠭᠡ ᠬᠤᠸᠠᠶ᠋ᠢᠵᠸᠤ ᠳᠤ ᠬᠦᠷᠦᠭᠰᠡᠨ ᠪ ᠬᠣᠶ᠋ᠢᠨ᠎ᠠ ᠳᠠᠷᠮᠠᠪᠠᠯᠠ ᠶ᠋ᠢᠨ ᠪᠡᠯᠪᠡᠰᠦᠨ ᠬᠠᠲᠤᠨ ᠳ᠋ᠠᠵᠢ ᠪᠤᠯᠤᠨ ᠬᠥᠪᠡᠭᠦᠨ ᠠᠶᠤᠷᠪᠠᠷᠸᠠᠲᠠ ᠪᠠᠷ ᠶᠡᠬᠡ ᠬᠠᠭᠠᠨ ᠊ᠢ ᠭᠠᠰᠢᠭᠤᠲᠠᠬᠤ ᠨᠡᠷ᠎ᠡ ᠪᠡᠷ ᠨᠡᠶ᠋ᠢᠰᠯᠡᠯ ᠬᠣᠲᠠᠨ ᠳᠤ ᠢᠷᠡᠭᠡᠳ ᠪᠠᠷᠠᠭᠤᠨ ᠭᠠᠷᠤᠨ ᠴᠢᠩᠰᠠᠩ ᠬᠠᠷᠠᠬᠠᠰᠤᠨ ᠪ ᠢᠲᠡᠪᠬᠢᠲᠡᠢ ᠲᠡᠮᠵᠢᠯᠭᠡ ᠳᠣᠣᠷ᠎ᠠ 《 ᠳᠡᠭᠡᠳᠦᠰ ᠦ᠋ᠨ ᠭᠡᠷ ᠦ᠋ᠨ ᠶᠣᠰᠣᠨ ᠊ᠢ ᠰᠠᠮᠠᠭᠤᠷᠠᠭᠤᠯᠤᠭᠰᠠᠨ 》 ᠭᠡᠬᠦ ᠶᠠᠯ᠎ᠠ ᠪᠠᠷ ᠵᠡᠭᠦᠨ ᠭᠠᠷᠤᠨ ᠴᠢᠩᠰᠠᠩ ᠠᠬᠤᠲᠠᠢ ᠪᠤᠯᠤᠨ ᠠᠨᠰᠢ ᠸᠠᠩ ᠠᠨᠠᠨᠲᠠ ᠂ ᠲᠥᠷᠥᠯ ᠦ᠋ᠨ ᠨᠣᠶᠠᠨ ᠮᠢᠩᠯᠢᠭᠲᠡᠮᠦᠷ ᠨᠠᠷ ᠊ᠢ ᠪᠠᠷᠢᠪᠴᠢᠯᠠᠨ ᠠᠯᠠᠭᠠᠳ ᠂ ᠪᠣᠯᠣᠭᠠᠨ ᠬᠠᠲᠤᠨ ᠊ᠢ ᠳ᠋ᠦ᠋ᠩ ᠠᠨ ᠵᠸᠤ ᠳᠤ ᠴᠦᠯᠡᠵᠦ ᠂ ᠲᠥᠷᠥ ᠳ᠋ᠡᠬᠢ ᠵᠢᠰᠦ ᠪᠤᠷᠤᠭᠤ ᠡᠲᠡᠭᠡᠳ ᠶ᠋ᠢᠡᠨ ᠠᠷᠢᠯᠭᠠᠵᠤ ᠠᠶᠤᠷᠪᠠᠷᠸᠠᠲᠠ ᠪᠣᠲᠠᠲᠤ ᠡᠷᠬᠡ ᠶ᠋ᠢ ᠠᠤᠠᠬᠤᠪᠠ ᠃
ᠲᠡᠲᠦᠢ ᠳ᠋ᠦ᠍ᠷ ᠲᠥᠷᠥᠯ ᠦ᠋ᠨ ᠨᠣᠶᠠᠨ ᠬᠥᠭᠡᠴᠦ ( ᠬᠤᠪᠢᠯᠠᠢ ᠶ᠋ᠢᠨ ᠦᠬᠦᠰᠢᠨ ᠬᠠᠲᠤᠨ ᠠ᠋ᠴᠠ ᠲᠥᠷᠥᠭᠰᠡᠨ ᠬᠥᠪᠡᠭᠦᠨ ) ᠂ ᠶᠠᠬᠤᠲᠤ ( ᠲᠣᠯᠤᠢ ᠶ᠋ᠢᠨ ᠬᠣᠶ᠋ᠢᠴᠢᠰ ᠂ ᠰᠡᠪᠢᠯᠡᠭᠦᠷ ᠦ᠋ᠨ ᠬᠥᠪᠡᠭᠦᠨ ) ᠨᠠᠷ ᠠᠶᠠᠲᠠᠨ ᠨᠡᠶ᠋ᠢᠯᠡᠭᠦᠯᠵᠦ ᠥᠭᠦᠯᠡᠷᠦᠨ ᠄ 《 ᠡᠲᠦᠭᠡ ᠰᠠᠮᠠᠭᠤᠷᠠᠭᠰᠠᠨ ᠬᠥᠮᠦᠨ ᠊ᠢ ᠴᠦᠮ ᠠᠯᠠᠪᠠᠢ ᠃ ᠲᠥᠷᠥᠯ ᠦ᠋ᠨ ᠨᠣᠶᠠᠨ ᠲᠠ ᠪᠠᠷ ᠰᠡᠴᠡᠨ ᠬᠠᠭᠠᠨ ᠪ ᠠᠴᠢ ᠪᠣᠯᠤᠮᠤᠢ ᠃ ᠬᠤᠷᠲᠤᠪᠴᠢᠯᠠᠨ ᠰᠠᠭᠤᠷᠢᠨ ᠊ᠢ ᠵᠠᠯᠭᠠᠮᠵᠢᠯᠠᠪᠠᠰᠤ ᠵᠣᠬᠢᠮᠤᠢ 》 ᠬᠡᠮᠡᠪᠡ ᠃
ᠠᠶᠤᠷᠪᠠᠷᠸᠠᠲᠠ ᠪᠠᠷ ᠠᠬ᠎ᠠ ᠬᠠᠶ᠋ᠢᠱᠠᠨ ᠤᠮᠠᠷᠠᠲᠤ ᠬᠢᠯᠢ ᠶ᠋ᠢ ᠰᠠᠬᠢᠨ ᠰᠠᠭᠤᠵᠤ ᠴᠡᠷᠢᠭ ᠦ᠋ᠨ ᠡᠷᠬᠡ ᠶ᠋ᠢ ᠠᠤᠠᠬᠤᠵᠤ ᠪᠠᠶ᠋ᠢᠬ᠋᠎ᠠ ᠪᠣᠯᠬᠣᠷ ᠲᠡᠭᠦᠨ ᠪ ᠵᠥᠪᠰᠢᠶᠡᠷᠡᠯ ᠦᠭᠡᠢ ᠳᠤᠷ᠎ᠠ ᠵᠣᠷᠢᠬ ᠶ᠋ᠢᠠᠷ ᠠᠭᠠᠰᠢᠯᠠᠵᠤ ᠡᠰᠡ ᠪᠣᠯᠬᠤ ᠶ᠋ᠢ ᠳᠣᠲᠣᠷ᠎ᠠ ᠪᠠᠨ ᠲᠣᠬ᠋᠎ᠠ ᠲᠠᠢ ᠪᠠᠶ᠋ᠢᠬᠰᠠᠨ ᠪᠠ ᠡᠬᠡ ᠳ᠋ᠠᠵᠢ ᠶ᠋ᠢᠨ ᠣᠪᠣᠷ ᠪᠠᠰᠠ ᠲᠣᠲᠣᠷᠬᠠᠢ ᠦᠭᠡᠢ ᠲᠤᠯᠠ ᠶᠡᠬᠡ ᠬᠠᠭᠠᠨ ᠪ ᠣᠷᠣ ᠳᠤ ᠰᠠᠭᠤᠬᠤ ᠶ᠋ᠢ ᠲᠦᠯᠬᠢᠵᠦ ᠥᠭᠦᠯᠡᠷᠦᠨ ᠄ 《 ᠨᠣᠶᠠᠨ ᠲᠠᠨ ᠡᠨᠡ ᠦᠭᠡ ᠶ᠋ᠢ ᠶᠠᠭᠤᠨ᠎ᠠ ᠭᠠᠷᠭᠠᠮᠤᠢ ? ᠲᠡᠲᠡ ᠂ ᠮᠠᠭᠤ ᠶ᠋ᠢ ᠡᠭᠦᠰᠬᠡᠵᠦ ᠂ ᠳᠣᠲᠣᠭᠤᠷ ᠶ᠋ᠢᠠᠷ ᠬᠣᠷᠰᠢᠶᠡ ᠨᠡᠶ᠋ᠢᠯᠡᠵᠦ ᠪᠢᠲᠡᠨ ᠪ ᠭᠡᠷ ᠊ᠢ ᠰᠠᠮᠠᠭᠤᠷᠠᠭᠤᠯᠤᠭᠰᠠᠨ ᠪ ᠣᠴᠢᠷ᠎ᠠ ᠠᠯᠠᠭᠰᠠᠨ ᠪᠣᠯᠠᠢ ᠃ ᠪᠢ ᠰᠥᠷ ᠲᠠᠯᠪᠢᠨ ᠰᠠᠭᠤᠷᠢᠨ ᠊ᠢ ᠣᠯᠰᠤᠭᠠᠢ ᠬᠡᠮᠡᠬᠦ ᠶᠣᠰᠣᠨ ᠪᠤᠢ ᠪᠤᠶᠤ ! ᠬᠤᠸᠠᠢ ᠨᠢᠩ ᠸᠠᠩ ᠪᠣᠯᠪᠠᠰᠤ ᠨᠠᠲᠠᠴᠠ ᠠᠬ᠎ᠠ ᠲᠤᠯᠠ ᠰᠠᠭᠤᠷᠢᠨ ᠊ᠢ ᠵᠠᠯᠭᠠᠮᠵᠢᠯᠠᠪᠠᠰᠤ ᠵᠣᠬᠢᠮᠤᠢ 》 ᠬᠡᠮᠡᠭᠡᠳ ᠡᠬᠡ ᠳ᠋ᠠᠵᠢ ᠶ᠋ᠢ ᠡᠷᠢᠵᠦ ᠣᠴᠢᠭᠠᠳ ᠵᠥᠪᠲᠡᠪᠡᠢ ᠃
ᠳ᠋ᠠᠵᠢ ᠬᠠᠲᠤᠨ ᠪᠣᠯ ᠬᠠᠷᠠᠬᠠᠨ ᠪᠠᠬ᠋᠎ᠠ ᠠ᠋ᠴᠠ ᠪᠠᠨ ᠣᠷᠲᠤᠨ ᠪ ᠳᠣᠲᠣᠷᠠᠬᠢ ᠬᠠᠭᠠᠨ ᠰᠠᠭᠤᠷᠢᠨ ᠪᠤᠯᠢᠶᠠᠯᠲᠤᠭᠰᠠᠨ ᠬᠤᠷᠴᠠ ᠰᠢᠷᠦᠭᠦᠨ ᠲᠡᠮᠡᠴᠡᠯ ᠊ᠢ ᠨᠢᠲᠦ ᠪᠡᠷ ᠦᠵᠡᠨ ᠪᠡᠶ᠎ᠡ ᠪᠡᠷ ᠥᠩᠭᠡᠷᠡᠭᠦᠯᠦᠭᠰᠡᠨ ᠬᠥᠮᠦᠨ ᠶᠤᠮ ᠃ ᠲᠡᠷᠡ ᠡᠩ ᠦ᠋ᠨ ᠴᠠᠭ ᠲᠤ ᠬᠥᠮᠦᠰ ᠦ᠋ᠨ ᠰᠡᠤᠠᠬᠢᠯ ᠊ᠢ ᠠᠪᠬᠤ ᠶ᠋ᠢ ᠣᠨᠴᠠ ᠠᠩᠬᠠᠷᠲᠠᠭ ᠃ ᠰᠢᠲᠠᠷ ᠲᠦᠰᠢᠮᠡᠯ ᠵᠢᠴᠢ ᠣᠷᠲᠤᠨ ᠪ ᠳᠣᠲᠣᠷᠠᠬᠢ ᠵᠠᠷᠤᠴᠠ ᠰᠢᠪᠡᠭᠴᠢᠨ ᠳᠤ ᠴᠤ᠌ ᠡᠶᠡᠯᠳᠡᠭ ᠵᠥᠭᠡᠯᠡᠨ ᠣᠪᠣᠷ ᠶ᠋ᠢᠠᠷ ᠬᠠᠨᠲᠤᠲᠠᠭ ᠲᠤᠯᠠ ᠣᠯᠠᠨ ᠶ᠋ᠢᠠᠷ ᠶ᠋ᠢᠠᠨ ᠪᠦᠷ ᠲᠡᠭᠦᠨ ᠯᠤᠭᠡ ᠰᠡᠤᠠᠬᠢᠯ ᠦ᠋ᠨ ᠦᠭᠡ ᠪᠡᠨ ᠬᠡᠯᠡᠯᠴᠡᠬᠦ ᠳᠤᠷᠠᠲᠠᠢ ᠃ ᠡᠲᠦᠭᠡ ᠡᠰᠡᠷᠭᠦ ᠡᠲᠡᠭᠡᠳ ᠶ᠋ᠢᠡᠨ ᠤᠰᠠᠤᠠᠬᠠᠵᠤ ᠶᠡᠬᠡ ᠡᠷᠬᠡ ᠠᠶᠤᠷᠪᠠᠷᠸᠠᠲᠠ ᠶ᠋ᠢᠨ ᠭᠠᠷ ᠲᠦ ᠣᠷᠣᠭᠰᠠᠨ ᠪᠣᠯᠪᠠᠴᠤ ᠴᠣᠬᠣᠮ ᠠᠯᠢ ᠬᠥᠪᠡᠭᠦᠨ ᠶ᠋ᠢᠡᠨ ᠬᠠᠭᠠᠨ ᠰᠠᠭᠤᠷᠢᠨ ᠊ᠢ ᠵᠠᠯᠭᠠᠮᠵᠢᠯᠠᠭᠤᠯᠬᠤ ᠠᠰᠠᠭᠤᠲᠠᠯ ᠳᠤ ᠰᠠᠨᠠᠯ ᠲᠣᠭᠲᠠᠪᠤᠷᠢ ᠦᠭᠡᠢ ᠪᠠᠶ᠋ᠢᠵᠠᠢ ᠃ ᠡᠶ᠋ᠢᠨ ᠬᠦ ᠬᠣᠶᠠᠷ ᠬᠥᠪᠡᠭᠦᠨ ᠪ ᠪᠡᠨ ᠲᠥᠷᠥᠭᠰᠡᠨ ᠣᠨ ᠵᠢᠯ ᠡᠲᠦᠷ ᠰᠠᠷ᠎ᠠ ᠶ᠋ᠢ ᠲᠦᠯᠭᠡᠴᠢᠨ ᠳ᠋ᠤᠷ ᠥᠭᠴᠦ ᠵᠠᠶᠠᠬ᠋᠎ᠠ ᠶ᠋ᠢ ᠠᠨᠤ ᠪᠣᠲᠣᠭᠤᠯᠪᠠ ᠃
ᠲᠦᠯᠭᠡᠴᠢᠨ ᠂ ᠳ᠋ᠠᠵᠢ ᠬᠠᠲᠤᠨ ᠪ ᠤᠬ ᠰᠠᠨᠠᠬ᠋᠎ᠠ ᠶ᠋ᠢ ᠣᠶ᠋ᠢᠯᠠᠭᠠᠵᠤ ᠂ ᠠᠶᠤᠷᠪᠠᠷᠸᠠᠲᠠ ᠨᠢᠭᠡᠨᠲᠡ ᠪᠣᠲᠠᠲᠤ ᠡᠷᠬᠡ ᠶ᠋ᠢ ᠠᠤᠠᠬᠤᠭᠰᠠᠨ ᠪᠠᠶ᠋ᠢᠲᠠᠯ ᠊ᠢ ᠮᠡᠲᠡᠵᠦ ᠠᠶ᠎ᠠ ᠶ᠋ᠢ ᠳᠠᠭᠠᠭᠤᠯᠤᠨ ᠥᠭᠦᠯᠡᠷᠦᠨ ᠄ 《 ᠶᠡᠬᠡ ᠣᠷᠣ ᠳᠤ ᠮᠣᠭᠠᠢ ᠵᠢᠯ ᠲᠠᠢ ᠬᠥᠮᠦᠨ ᠤᠷᠲᠤ ᠤᠲᠠᠭᠠᠨ ᠰᠠᠭᠤᠵᠤ ᠦᠯᠦ ᠴᠢᠲᠠᠮᠤᠢ ᠃ ᠲᠠᠬᠢᠶ᠎ᠠ ᠵᠢᠯ ᠲᠠᠢ ᠬᠥᠮᠦᠨ ᠵᠣᠯ ᠲᠠᠢ 》 ᠬᠡᠮᠡᠪᠡ ᠃ ᠬᠠᠶ᠋ᠢᠱᠠᠨ ᠪᠣᠯᠪᠠᠰᠤ ᠴᠠᠭᠠᠭᠴᠢᠨ ᠮᠣᠭᠠᠢ ᠵᠢᠯᠲᠠᠢ (1281 ᠣᠨ ᠳᠤ ᠮᠡᠨᠲᠦᠯᠡᠪᠡ ) ᠂ ᠠᠶᠤᠷᠪᠠᠷᠸᠠᠲᠠ ᠪᠣᠯᠪᠠᠰᠤ ᠬᠦᠬᠡᠭᠴᠢᠨ ᠲᠠᠬᠢᠶ᠎ᠠ ᠵᠢᠯᠲᠠᠢ (1285 ᠣᠨ ᠳᠤ ᠮᠡᠨᠲᠦᠯᠡᠪᠡ ) ᠪᠥᠯᠥᠭᠡ ᠃ ᠳ᠋ᠠᠵᠢ ᠬᠠᠲᠤᠨ ᠲᠦᠯᠭᠡᠴᠢᠨ ᠪ ᠦᠭᠡ ᠶ᠋ᠢ ᠦᠨᠲᠦᠰᠦ ᠪᠣᠯᠭᠠᠵᠤ ᠪᠠᠬ᠋᠎ᠠ ᠬᠥᠪᠡᠭᠦᠨ ᠠᠶᠤᠷᠪᠠᠷᠸᠠᠲᠠ ᠶ᠋ᠢ ᠶᠡᠬᠡ ᠣᠷᠣ ᠳᠤ ᠰᠠᠭᠤᠯᠭᠠᠬᠤ ᠪᠠᠷ ᠰᠢᠢᠤᠠᠴᠦ ᠂ ᠤᠮᠠᠷᠠᠲᠤ ᠬᠢᠯᠢ ᠶ᠋ᠢ ᠰᠠᠬᠢᠨ ᠰᠠᠭᠤᠬ᠋ᠠ ᠶᠡᠬᠡ ᠬᠥᠪᠡᠭᠦᠨ ᠬᠠᠶ᠋ᠢᠱᠠᠨ ᠳᠤ ᠬᠡᠯᠡ ᠬᠦᠷᠭᠡᠬᠦ ᠪᠡᠷ ᠡᠯᠴᠢᠨ ᠢᠯᠡᠭᠡᠪᠡ ᠃
ᠲᠡᠲᠦᠢ ᠳ᠋ᠤᠷ ᠬᠠᠶ᠋ᠢᠱᠠᠨ ᠨᠢᠭᠡᠨᠲᠡ ᠠᠯᠲᠠᠢ ᠠᠭᠤᠯᠠ ᠶ᠋ᠢᠨ ᠴᠠᠭᠠᠨ᠎ᠠ ᠠ᠋ᠴᠠ ᠭᠤᠷᠪᠠᠨ ᠲᠦᠮᠡᠨ ᠰᠢᠯᠢᠳᠡᠭ ᠴᠡᠷᠢᠭ ᠊ᠢ ᠳᠠᠶ᠋ᠢᠴᠢᠯᠠᠨ ᠡᠲᠦᠷᠵᠢᠨ ᠰᠥᠨᠢᠵᠢᠨ ᠠᠶᠠᠯᠠᠵᠤ ᠂ ᠵᠠᠮ ᠳᠠᠭᠠᠤ ᠲᠥᠷᠥᠯ ᠦ᠋ᠨ ᠨᠣᠶᠠᠳ ᠪᠣᠯᠤᠨ ᠮᠣᠩᠭᠣᠯ ᠴᠡᠷᠢᠭ ᠦ᠋ᠨ ᠳᠠᠷᠤᠬ᠋᠎ᠠ ᠪᠠᠶ᠋ᠢᠯᠲᠤᠭᠴᠢᠳ ᠊ᠢ ᠲᠣᠬᠣᠨᠢᠭᠤᠯᠤᠭᠰᠠᠭᠠᠷ ᠬᠠᠷᠠᠬᠣᠷᠢᠨ ᠳᠤ ᠢᠷᠡᠭᠡᠳ ᠂ ᠳᠡᠭᠦᠦ ᠠᠶᠤᠷᠪᠠᠷᠸᠠᠲᠠ ᠲᠥᠷᠥ ᠶ᠋ᠢᠨ ᠬᠤᠪᠢᠰᠤᠯ ᠭᠠᠷᠭᠠᠵᠤ ᠡᠰᠡᠷᠭᠦ ᠡᠲᠡᠭᠡᠳ ᠶ᠋ᠢᠡᠨ ᠤᠰᠠᠤᠠᠬᠠᠭᠰᠠᠨ ᠴᠢᠮᠡᠭᠡ ᠶ᠋ᠢ ᠰᠣᠨᠣᠰᠤᠭᠠᠳ ᠂ ᠡᠮᠦᠨᠡᠰᠢ ᠢᠷᠡᠵᠦ ᠶᠡᠬᠡ ᠬᠠᠭᠠᠨ ᠪ ᠰᠠᠭᠤᠷᠢᠨ ᠊ᠢ ᠡᠵᠡᠯᠡᠬᠦ ᠪᠡᠷ ᠪᠡᠯᠡᠤᠠᠬᠡᠵᠦ ᠪᠠᠶ᠋ᠢᠵᠠᠢ ᠃ ᠶᠠᠭ ᠡᠨᠡ ᠦᠶ᠎ᠡ ᠳᠤ ᠡᠬᠡ ᠳ᠋ᠠᠵᠢ ᠶ᠋ᠢᠨ ᠲᠣᠮᠢᠯᠠᠭᠰᠠᠨ ᠰᠢᠲᠠᠷ ᠲᠦᠰᠢᠮᠡᠯ ᠲᠤᠤᠯᠠ ᠬᠦᠷᠴᠦ ᠢᠷᠡᠭᠡᠳ ᠳ᠋ᠠᠵᠢ ᠶ᠋ᠢᠨ ᠵᠠᠷᠯᠢᠬ ᠊ᠢ ᠠᠶ᠋ᠢᠯᠠᠤᠠᠬᠠᠷᠤᠨ ᠄ 《 ᠲᠠᠨ ᠪ ᠠᠬ᠎ᠠ ᠳᠡᠭᠦᠦ ᠬᠣᠶᠠᠷ ᠪᠦᠷ ᠮᠢᠨᠦ ᠬᠡᠪᠡᠯᠢ ᠡᠴᠡ ᠤᠨᠠᠭᠰᠠᠨ ᠮᠢᠬ᠎ᠠ ᠪᠤᠶᠤ ᠂ ᠬᠣᠯᠠ ᠣᠶ᠋ᠢᠷ᠎ᠠ ᠶ᠋ᠢᠨ ᠢᠯᠭᠠᠬ᠋ᠠ ᠦᠭᠡᠢ ᠪᠣᠯᠠᠢ ᠃ ᠭᠡᠪᠡᠴᠦ ᠲᠥᠯᠭᠡ ᠦᠵᠡᠭᠴᠢ ᠶ᠋ᠢᠨ ᠬᠡᠯᠡᠬᠦ ᠪᠡᠷ ᠬᠠᠶ᠋ᠢᠱᠠᠨ ᠪᠠᠷ ᠶᠡᠬᠡ ᠣᠷᠣ ᠳᠤ ᠰᠠᠭᠤᠪᠠᠰᠤ ᠤᠷᠲᠤ ᠨᠠᠰᠤᠯᠠᠵᠤ ᠦᠯᠦ ᠴᠢᠲᠠᠮᠤᠢ ᠬᠡᠮᠡᠬᠦ ᠶ᠋ᠢ ᠶᠠᠭᠠᠬᠢᠶ᠎ᠠ 》 ᠬᠡᠮᠡᠪᠡᠢ ᠃
ᠬᠠᠶ᠋ᠢᠱᠠᠨ ᠡᠨᠡ ᠦᠭᠡ ᠶ᠋ᠢ ᠰᠣᠨᠣᠰᠤᠭᠠᠳ ᠮᠠᠰᠢ ᠲᠠᠪᠠ ᠦᠭᠡᠢ ᠪᠣᠯᠵᠤ ᠬᠠᠩᠯᠢᠨ ᠪ ᠲᠣᠬᠲᠣᠬ᠋ᠠ ᠳᠤ ᠥᠭᠦᠯᠡᠷᠦᠨ ᠄ 《 ᠪᠢ ᠪᠡᠷ ᠬᠢᠯᠢ ᠣᠷᠣᠨ ᠊ᠢ ᠳᠠᠷᠤᠨ ᠰᠠᠭᠤᠭᠠᠳ ᠠᠷᠪᠠᠨ ᠵᠢᠯ ᠪᠣᠯᠪᠠᠢ ᠂ ᠪᠠᠰᠠ ᠬᠥᠪᠡᠭᠦᠳ ᠦ᠋ᠨ ᠠᠬᠠᠮᠠᠳ ᠠᠨᠤ ᠪᠥᠯᠥᠭᠡ ᠃ ᠳᠡᠭᠡᠳᠦᠰ ᠦ᠋ᠨ ᠵᠣᠪᠠᠵᠤ ᠪᠠᠶ᠋ᠢᠭᠤᠯᠤᠭᠰᠠᠨ ᠤᠶ᠋ᠢᠯᠡᠰ ᠶᠣᠰᠣᠨ ᠳᠤ ᠪᠠᠨ ᠮᠢᠨᠦᠬᠢ ᠪᠠᠶ᠋ᠢᠪᠠᠯ ᠵᠣᠬᠢᠮᠤᠢ ᠃ ᠡᠲᠦᠭᠡ ᠡᠬᠡ ᠬᠠᠲᠤᠨ ᠪᠠᠷ ᠲᠦᠯᠭᠡᠴᠢᠨ ᠪ ᠦᠭᠡ ᠪᠡᠷ ᠮᠢᠨᠦ ᠰᠠᠭᠤᠷᠢᠨ ᠵᠠᠯᠭᠠᠮᠵᠢᠯᠠᠬᠤ ᠶ᠋ᠢ ᠡᠰᠡᠷᠭᠦᠴᠡᠬᠦ ᠪᠣᠯᠪᠠᠰᠤ ᠬᠣᠵᠢᠮ ᠬᠣᠶ᠋ᠢᠰᠢᠲᠠ ᠶ᠋ᠢᠨ ᠬᠡᠷᠡᠭ ᠊ᠢ ᠬᠡᠨ ᠲᠥᠰᠦᠪᠯᠡᠵᠦ ᠴᠢᠲᠠᠮᠤᠢ ? ᠳᠡᠭᠡᠳᠦᠰ ᠦ᠋ᠨ ᠨᠠᠶ᠋ᠢᠲᠠᠯᠬ᠋᠎ᠠ ᠶ᠋ᠢ ᠲᠦᠯᠭᠡᠴᠢᠨ ᠪ ᠦᠭᠡ ᠪᠡᠷ ᠡᠷᠭᠢᠭᠦᠯᠵᠦ ᠪᠣᠯᠬᠤ ᠤᠤ ? ᠨᠡᠶ᠋ᠢᠰᠯᠡᠯ ᠬᠣᠲᠠᠨ᠎ᠠ ᠯᠠᠪᠲᠠᠢ ᠵᠠᠯᠢᠬᠠᠢ ᠠᠮᠢᠲᠠᠨ ᠭᠠᠷᠴᠤ ᠪᠢᠲᠡᠨ ᠪ ᠬᠣᠭᠣᠷᠣᠨᠲᠣ ᠵᠠᠪᠰᠠᠷᠲᠠᠭᠤᠯᠵᠤ ᠠᠮᠤᠢ ᠃ ᠴᠢ ᠲᠦᠷᠭᠡᠨ ᠬᠦᠷᠴᠦ ᠲᠤᠰ ᠬᠡᠷᠡᠭ ᠊ᠢ ᠲᠠᠩᠨᠠᠨ ᠮᠡᠲᠡᠭᠡᠳ ᠨᠠᠲᠠ ᠳ᠋ᠤᠷ ᠠᠶ᠋ᠢᠯᠠᠤᠠᠬ᠎ᠠ ! 》 ᠬᠡᠮᠡᠭᠡᠳ ᠬᠠᠩᠯᠢᠨ ᠪ ᠲᠣᠬᠲᠤᠬ᠋ᠠ ᠶ᠋ᠢ ᠳᠠᠶ᠋ᠢᠳᠤ ᠬᠣᠲᠠᠨ᠎ᠠ ᠢᠯᠡᠭᠡᠪᠡ ᠃ ᠲᠡᠷᠡ ᠥᠪᠡᠷ ᠶ᠋ᠢᠡᠨ ᠰᠢᠯᠢᠳᠡᠭ ᠴᠡᠷᠢᠭ ᠲᠠᠪᠤᠨ ᠮᠢᠩᠭᠠᠨ ᠬᠥᠮᠦᠨ ᠊ᠢ ᠳᠠᠶ᠋ᠢᠴᠢᠯᠠᠵᠤ ᠬᠣᠶᠠᠷ ᠵᠠᠮ ᠬᠤᠪᠢᠶᠠᠨ ᠨᠡᠶ᠋ᠢᠰᠯᠡᠯ ᠬᠣᠲᠠ ᠶ᠋ᠢ ᠴᠢᠭ᠌ᠯᠡᠨ ᠮᠣᠷᠲᠠᠪᠠ ᠃
ᠲᠡᠨᠲᠡᠴᠡ ᠳ᠋ᠠᠵᠢ ᠬᠠᠲᠤᠨ ᠪᠠᠷ ᠬᠠᠩᠯᠢᠨ ᠪ ᠲᠣᠬᠲᠤᠭᠠ ᠨᠡᠶ᠋ᠢᠰᠯᠡᠯ ᠳᠤ ᠢᠷᠡᠵᠦ ᠬᠠᠶ᠋ᠢᠱᠠᠨ ᠪ ᠰᠠᠨᠠᠬ᠋᠎ᠠ ᠶ᠋ᠢ ᠮᠡᠳᠡᠭᠦᠯᠦᠭᠰᠡᠨ ᠊ᠢ ᠰᠣᠨᠣᠰᠤᠭᠠᠳ ᠶᠡᠬᠡᠲᠡ ᠰᠣᠴᠢᠵᠤ ᠂ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠬᠤ ᠤᠴᠢᠷ ᠲᠤ ᠠᠬ᠎ᠠ ᠳᠡᠭᠦᠦ ᠬᠣᠶᠠᠭᠤᠯᠠ ᠪᠠᠨ ᠴᠢᠷᠠᠢ ᠬᠤᠪᠢᠯᠵᠤ ᠠᠯᠠᠯᠲᠤᠭᠠᠨ ᠪᠣᠯᠬᠤ ᠠ᠋ᠴᠠ ᠠᠶᠤᠭᠠᠳ ᠥᠭᠦᠯᠡᠷᠦᠨ ᠄ 《 ᠨᠠᠰᠤᠨ ᠬᠡᠮᠵᠢᠶ᠎ᠡ ᠶ᠋ᠢᠨ ᠤᠴᠢᠷ ᠬᠡᠲᠦᠶ᠋ᠢᠪᠡᠷ ᠲᠦᠯᠭᠡᠴᠢᠨ ᠪ ᠦᠭᠡ ᠪᠣᠯᠪᠠᠴᠤ ᠡᠬᠡ ᠨᠢ ᠪᠢ ᠪᠡᠷ ᠬᠠᠶ᠋ᠢᠱᠠᠨ ᠪ ᠲᠥᠯᠥᠭᠡ ᠪᠣᠲᠣᠯᠬᠢᠯᠠᠭᠰᠠᠨ ᠲᠡᠲᠦᠢ ᠪᠣᠯᠠᠢ ᠃ ᠡᠲᠦᠭᠡ ᠠᠶᠤᠷᠪᠠᠷᠸᠠᠲᠠ ᠵᠥᠪᠬᠡᠨ ᠲᠥᠷᠥ ᠮᠡᠲᠡᠵᠦ ᠪᠤᠢ ᠂ ᠬᠥᠪᠡᠭᠦᠨ ᠮᠢᠨᠢ ᠦᠯᠦ ᠢᠲᠡᠭᠡᠬᠦ ᠪᠣᠯᠪᠠᠰᠤ ᠥᠪᠡᠰᠦᠪᠡᠨ ᠰᠢᠢᠤᠠᠬᠦ ᠪᠣᠯᠲᠤᠭᠠᠢ 》 ᠬᠡᠮᠡᠪᠡ ᠃ ᠰᠢᠲᠠᠷ ᠪᠠᠶ᠋ᠢᠬᠰᠠᠨ ᠲᠥᠷᠥᠯ ᠦ᠋ᠨ ᠨᠣᠶᠠᠨ ᠲᠤᠤᠯᠠ ᠪᠠᠰᠠ ᠬᠠᠩᠯᠢᠨ ᠪ ᠲᠣᠭᠲᠤᠬ᠋᠎ᠠ ᠳᠤ ᠥᠭᠦᠯᠡᠷᠦᠨ ᠄ 《 ᠪᠢᠲᠡ ᠪᠦᠭᠦᠲᠡᠭᠡᠷ ᠬᠠᠶ᠋ᠢᠱᠠᠨ ᠪ ᠪᠤᠴᠠᠵᠤ ᠢᠷᠡᠭᠡᠳ ᠶᠡᠬᠡ ᠣᠷᠣ ᠰᠠᠭᠤᠬᠤ ᠶ᠋ᠢ ᠬᠦᠯᠢᠶᠡᠵᠦ ᠠᠮᠤᠢ 》 ᠬᠡᠮᠡᠪᠡ ᠃
ᠳ᠋ᠠᠵᠢ ᠬᠠᠲᠤᠨ ᠪᠠᠷ ᠰᠢᠲᠠᠷ ᠲᠦᠰᠢᠮᠡᠳ ᠊ᠢ ᠬᠣᠶ᠋ᠢᠰᠢ ᠪᠣᠯᠭᠠᠵᠤ ᠬᠠᠩᠯᠢᠨ ᠪ ᠲᠣᠭᠲᠤᠭ᠎ᠠ ᠳᠤ ᠰᠡᠮᠡᠬᠡᠷ ᠥᠭᠦᠯᠡᠷᠦᠨ ᠄ 《 ᠬᠠᠶ᠋ᠢᠱᠠᠨ ᠲᠥᠷᠥᠯᠬᠢ ᠠᠴᠢᠯᠠᠯ ᠡᠯᠪᠡᠷᠢᠯ ᠊ᠢ ᠮᠡᠲᠡᠮᠦᠢ ᠃ ᠤᠭ ᠠ᠋ᠴᠠ ᠭᠠᠲᠠᠨ᠎ᠠ ᠳᠣᠲᠣᠨᠠᠬᠢ ᠶ᠋ᠢᠨ ᠬᠥᠮᠦᠰ ᠦ᠋ᠨ ᠨᠡᠶ᠋ᠢᠲᠡ ᠶ᠋ᠢᠨ ᠬᠦᠰᠡᠯᠲᠡ ᠠᠵᠤᠭᠤ ᠃ ᠡᠲᠦᠭᠡ ᠵᠠᠷᠢᠮ ᠵᠠᠯᠢᠬᠠᠢ ᠠᠷᠠᠳ ᠦ᠋ᠨ ᠬᠠᠤᠠᠬᠤᠯᠬ᠋ᠠ ᠥᠲᠥᠭᠡᠯᠭᠡ ᠡᠴᠡ ᠪᠣᠯᠵᠤ ᠠᠬ᠎ᠠ ᠳᠡᠭᠦᠦ ᠬᠣᠭᠣᠷᠣᠨᠲᠣ ᠪᠠᠨ ᠠᠲᠠᠭᠠᠷᠬᠠᠨ ᠵᠢᠲᠦᠭᠡᠷᠭᠡᠬᠦ ᠪᠣᠯᠤᠭᠤᠵᠠᠢ ᠃ ᠮᠡᠷᠭᠡᠨ ᠰᠠᠶ᠋ᠢᠳ ᠲᠠ ᠬᠤᠷᠲᠤᠨ ᠪᠤᠴᠠᠵᠤ ᠮᠢᠨᠦ ᠰᠠᠨᠠᠬ᠋᠎ᠠ ᠶ᠋ᠢ ᠨᠡᠪᠲᠡᠷᠡᠭᠦᠯᠦᠨ ᠠᠯᠲᠠᠰᠢ ᠲᠠᠢ ᠵᠦᠢᠯ ᠊ᠢ ᠨᠦᠬᠦᠪᠦᠷᠢᠯᠡᠲᠦᠭᠡᠢ 》 ᠬᠡᠮᠡᠪᠡ ᠃
ᠬᠠᠶ᠋ᠢᠱᠠᠨ ᠪ ᠲᠣᠭᠲᠤᠭ᠎ᠠ ᠬᠠᠲᠤᠨ ᠡᠬᠡ ᠶ᠋ᠢᠨ ᠦᠨᠡᠨᠴᠢ ᠬᠠᠶ᠋ᠢᠷ᠎ᠠ ᠬᠦᠨᠲᠦᠤᠠᠬᠡᠯ ᠊ᠢ ᠣᠯᠤᠭᠰᠠᠨ ᠳᠤ ᠪᠠᠨ ᠦᠵᠦᠭᠦᠷ ᠦᠭᠡᠢ ᠪᠠᠶᠠᠷᠯᠠᠨ ᠡᠪᠦᠳᠦᠭ ᠨᠤᠭᠤᠯᠤᠨ ᠲᠣᠯᠣᠭᠠᠢ ᠳᠣᠬᠢᠵᠤ ᠥᠭᠦᠯᠡᠷᠦᠨ ᠄ 《 ᠬᠠᠲᠤᠨ ᠡᠬᠡ ᠰᠡᠤᠠᠬᠢᠯ ᠠᠮᠤᠷ ᠪᠠᠢ ᠂ ᠨᠣᠶᠠᠨ ᠪ ᠣᠷᠳᠤᠨ᠎ᠠ ᠪᠢ ᠤᠲᠠᠭᠠᠨ ᠵᠢᠯ ᠰᠢᠲᠠᠷ ᠦᠢᠯᠡᠴᠢᠯᠡᠨ ᠬᠦᠨᠲᠦ ᠢᠲᠡᠭᠡᠯ ᠊ᠢ ᠣᠯᠤᠭᠰᠠᠨ ᠪᠥᠯᠥᠭᠡ ᠃ ᠣᠲᠣ ᠪᠠᠷ ᠪᠤᠴᠠᠵᠤ ᠬᠠᠷᠢᠭᠠᠳ ᠨᠣᠶᠠᠨ ᠊ᠢ ᠦᠨᠡᠨᠴᠢ ᠪᠡᠷ ᠢᠳᠬᠠᠨ ᠰᠠᠨᠠᠭᠤᠯᠰᠤᠭᠠᠢ 》 ᠬᠡᠮᠡᠪᠡ ᠃
ᠳ᠋ᠠᠵᠢ ᠬᠠᠲᠤᠨ ᠪᠠᠷ ᠬᠠᠩᠯᠢᠨ ᠪ ᠲᠣᠭᠲᠤᠭ᠎ᠠ ᠶ᠋ᠢ ᠶᠠᠪᠤᠭᠤᠯᠤᠭᠰᠠᠨ ᠪ ᠳᠠᠷᠠᠬ᠋᠎ᠠ ᠮᠥᠨ ᠰᠡᠤᠠᠬᠢᠯ ᠠᠮᠤᠷ ᠦᠭᠡᠢ ᠂ ᠶᠠᠮᠠᠷ ᠨᠢᠭᠡᠨ ᠰᠠᠨᠠᠮᠰᠠᠷ ᠪᠤᠰᠤ ᠬᠡᠷᠡᠭ ᠭᠠᠷᠤᠭᠤᠵᠠᠢ ᠭᠡᠮᠡᠨ ᠡᠮᠢᠶᠡᠭᠡᠳ ᠠᠱᠠᠪᠣᠬᠠ ᠶ᠋ᠢ ᠡᠷᠢᠵᠦ ᠣᠴᠢᠭᠠᠳ ᠥᠭᠦᠯᠡᠷᠦᠨ ᠄ 《 ᠮᠡᠷᠭᠡᠨ ᠰᠠᠶ᠋ᠢᠳ ᠲᠠ ᠪᠠᠷ ᠤᠮᠠᠷᠠᠰᠢ ᠣᠴᠢᠵᠤ ᠲᠥᠷᠥᠯ ᠦ᠋ᠨ ᠨᠣᠶᠠᠳ <ᠬᠠᠭᠠᠨ ᠪ ᠶᠡᠬᠡ ᠣᠷᠣ ᠰᠠᠭᠤᠬᠤ ᠶ᠋ᠢ ᠬᠦᠷᠢᠶᠡᠯᠡᠵᠦ ᠪᠣᠢ > ᠬᠡᠮᠡᠨ ᠲᠣᠭᠲᠣᠬ᠋᠎ᠠ ᠶ᠋ᠢ ᠬᠠᠪᠰᠤᠷᠤᠨ ᠬᠡᠯᠡᠲᠤᠬᠡᠢ 》 ᠬᠡᠮᠡᠨ ᠵᠠᠬᠢᠵᠤ ᠢᠯᠡᠭᠡᠪᠡ ᠃
ᠠᠱᠠᠪᠤᠬ᠎ᠠ ᠳᠠᠷᠤᠢ ᠳ᠋ᠤᠨᠢ ᠪᠡᠯᠡᠳᠬᠡᠵᠦ ᠬᠡᠳᠦᠨ ᠬᠥᠮᠦᠨ ᠊ᠢ ᠳᠠᠭᠠᠭᠤᠯᠤᠨ ᠭᠣᠪᠢ ᠶ᠋ᠢᠨ ᠤᠮᠠᠷ᠎ᠠ ᠶ᠋ᠢ ᠴᠢᠭ᠌ᠯᠡᠨ ᠡᠳᠦᠷᠵᠢᠨ ᠰᠥᠨᠢᠵᠢᠨ ᠶᠠᠪᠤᠭᠰᠠᠭᠠᠷ ᠢᠮᠠᠭᠠᠲᠤ ᠶ᠋ᠢᠨ ᠠᠭᠤᠯᠠᠨ ᠳ᠋ᠤ᠌ ᠬᠦᠷᠬᠦ ᠳ᠋ᠦ᠍ ᠡᠰᠡᠷᠭᠦ ᠡᠴᠡ ᠨᠢᠭᠡ ᠪᠦᠯᠦᠭ ᠴᠡᠷᠢᠭ ᠮᠣᠷᠢ ᠲᠤᠪᠲᠤᠯᠠᠭᠠᠨ ᠢᠷᠡᠬᠦ ᠬᠠᠷᠠᠭᠳᠠᠯ᠎ᠠ ᠃ ᠡᠮᠦᠨ᠎ᠡ ᠶᠠᠪᠤᠵᠤ ᠪᠠᠶ᠋ᠢᠭ᠎ᠠ ᠬᠠᠶ᠋ᠢᠱᠠᠨ ᠪᠣᠯᠤᠨ ᠲᠡᠭᠦᠨ ᠪ ᠳᠡᠭᠦᠦ ᠲᠣᠭᠲᠤᠬ᠋᠎ᠠ ᠪᠣᠯᠬᠤ ᠶ᠋ᠢ ᠲᠡᠨᠢᠵᠤ ᠶᠠᠭᠠᠷᠠᠤ ᠰᠠᠨᠳᠤᠷᠤᠤ ᠮᠣᠷᠢᠨ ᠠ᠋ᠴᠠ ᠪᠠᠭᠤᠵᠤ ᠤᠭᠲᠤᠨ ᠬᠥᠷᠥᠭᠡᠳ ᠭᠠᠵᠠᠷ ᠰᠦᠭᠦᠲᠦᠨ ᠬᠠᠶ᠋ᠢᠱᠠᠨ ᠪ ᠠᠮᠤᠷ ᠮᠡᠨᠳᠦ ᠶ᠋ᠢ ᠮᠡᠳᠡᠪᠡ ᠃
ᠠᠱᠠᠪᠤᠬ᠎ᠠ ᠂ ᠶᠠᠭᠤᠨ ᠪ ᠡᠮᠦᠨ᠎ᠡ ᠠᠨᠰᠢ ᠸᠠᠩ ᠠᠨᠠᠨᠲᠠ ᠂ ᠵᠡᠭᠦᠨ ᠭᠠᠷᠤᠨ ᠴᠢᠩᠰᠠᠩ ᠠᠬᠤᠲᠠᠢ ᠪᠣᠯᠤᠨ ᠲᠥᠷᠥᠯ ᠦ᠋ᠨ ᠨᠣᠶᠠᠨ ᠮᠢᠩᠯᠢᠭᠲᠡᠮᠦᠷ ᠨᠠᠷ ᠯᠤᠬ᠋᠎ᠠ ᠰᠦᠯᠪᠡᠭᠡᠯᠡᠨ ᠲᠦᠷᠦ ᠶ᠋ᠢᠨ ᠬᠣᠪᠢᠰᠤᠯ ᠭᠠᠷᠭᠠᠬᠤ ᠪᠠᠷ ᠬᠤᠤᠪᠢᠯᠲᠤᠭᠰᠠᠨ ᠬᠡᠷᠡᠭ ᠊ᠢ ᠡᠬᠢᠨ ᠡᠴᠡ ᠠᠳᠠᠭ ᠲᠤ᠌ ᠬᠦᠷᠲᠡᠯ᠎ᠡ ᠨᠠᠷᠢᠨ ᠲᠣᠭᠠᠴᠢᠵᠤ᠂ ᠳᠠᠷᠠᠭ᠎ᠠ ᠨᠢ ᠲᠥᠷᠥᠯ ᠦ᠋ᠨ ᠨᠣᠶᠠᠨ ᠬᠠᠶ᠋ᠢᠱᠠᠨ ᠊ᠢ ᠬᠦᠷᠢᠶᠡᠯᠡᠨ ᠶᠡᠬᠡ ᠣᠷᠣ ᠰᠠᠭᠤᠬᠤ ᠪᠡᠷ ᠲᠦᠷᠭᠡᠨ ᠪᠤᠴᠠᠵᠤ ᠢᠷᠡᠬᠦ ᠶ᠋ᠢ ᠬᠦᠰᠡᠭᠰᠡᠨ ᠬᠠᠯᠠᠭᠤᠨ ᠰᠡᠳᠬᠢᠯ ᠊ᠢ ᠨᠡᠪᠲᠡᠷᠡᠭᠦᠯᠪᠡ᠃ ᠠᠱᠠᠪᠤᠬ᠎ᠠ ᠥᠭᠦᠯᠡᠷᠦᠨ ᠄ 《 ᠪᠠᠭ᠎ᠠ ᠲᠠᠶ᠋ᠢᠽᠢ ᠡᠲᠦᠭᠡ ᠲᠦᠷᠦ ᠮᠡᠲᠡᠵᠦ ᠪᠠᠶ᠋ᠢᠬ᠋᠎ᠠ ᠪᠣᠯ ᠭᠠᠭᠴᠠ ᠬᠦ ᠰᠠᠨᠠᠭᠠᠨ ᠪ ᠭᠠᠳᠠᠭᠤᠷ ᠬᠡᠷᠡᠭ ᠭᠠᠷᠬᠤ ᠠ᠋ᠴᠠ ᠰᠡᠷᠭᠡᠶ᠋ᠢᠯᠡᠬᠦ ᠶ᠋ᠢᠨ ᠲᠥᠯᠥᠭᠡ ᠪᠤᠢ ᠶᠠ᠃ ᠣᠨᠳᠣᠣ ᠰᠠᠨᠠᠭ᠎ᠠ ᠣᠭᠲᠣ ᠦᠭᠡᠢ ᠶ᠋ᠢ ᠰᠠᠶ᠋ᠢᠳ ᠪᠢ ᠲᠣᠯᠣᠭᠠᠢ ᠪᠠᠷ ᠶ᠋ᠢᠠᠨ ᠪᠠᠲᠤᠯᠠᠰᠤᠭᠠᠢ 》 ᠬᠡᠮᠡᠪᠡ ᠃
ᠬᠠᠶ᠋ᠢᠱᠠᠨ ᠪᠡᠷ ᠠᠱᠠᠪᠤᠬ᠎ᠠ ᠶ᠋ᠢᠨ ᠬᠡᠯᠡᠭᠰᠡᠨ ᠦᠭᠡ ᠪᠣᠯᠤᠨ ᠬᠠᠩᠯᠢᠨ ᠪ ᠲᠣᠭᠲᠤᠬ᠋᠎ᠠ ᠶ᠋ᠢᠨ ᠳᠠᠮᠵᠢᠭᠤᠯᠤᠭᠰᠠᠨ ᠡᠬᠡ ᠬᠠᠲᠤᠨ ᠪ ᠰᠠᠨᠠᠬ᠋᠎ᠠ ᠨᠢᠭᠡᠨ ᠠᠳᠠᠯᠢ ᠲᠤᠯᠠ ᠰᠡᠳᠬᠢᠯ ᠠᠭᠤᠵᠢᠷᠠᠪᠠ᠃ ᠲᠡᠶ᠋ᠢᠨ ᠬᠦ ᠠᠱᠠᠪᠤᠬ᠎ᠠ ᠶ᠋ᠢ ᠬᠦᠨᠳᠦ ᠪᠡᠷ ᠵᠣᠴᠢᠯᠠᠵᠤ ᠤᠷᠢᠲᠠ ᠪᠠᠷ ᠨᠡᠶ᠋ᠢᠰᠯᠡᠯ ᠵᠦᠭ ᠢᠯᠡᠭᠡᠵᠦ ᠶᠡᠬᠡ ᠣᠷᠣ ᠰᠠᠭᠤᠬᠤ ᠲᠤᠬᠠᠢ ᠪᠡᠯᠡᠳᠬᠡᠯ ᠬᠢᠯᠭᠡᠪᠡ ᠃
ᠳ᠋ᠠ ᠳ᠋ᠸ ᠶ᠋ᠢᠨ ᠠᠷᠪᠠᠨ ᠨᠢᠭᠡᠲᠦᠭᠡᠷ ᠣᠨ (1307 ᠣᠨ ) ᠪ ᠲᠠᠪᠤᠨ ᠰᠠᠷ᠎ᠠ ᠳ᠋ᠤ᠌ ᠬᠠᠶ᠋ᠢᠱᠠᠨ ᠱᠠᠩᠳᠤ ᠬᠣᠲᠠᠨ᠎ᠠ ᠢᠷᠡᠵᠦ ᠬᠠᠲᠤᠨ ᠡᠬᠡ ᠳ᠋ᠠᠵᠢ ᠪᠣᠯᠤᠨ ᠳᠡᠭᠦᠦ ᠠᠶᠤᠷᠪᠠᠷᠸᠠᠲᠠ ᠯᠤᠬ᠋᠎ᠠ ᠪᠠᠶᠠᠷᠲᠠᠢ ᠵᠣᠯᠭᠠᠪᠠ ᠃ ᠬᠥᠬᠡ ᠪᠡᠴᠢᠨ ᠡᠲᠦᠷ ᠲᠥᠷᠥᠯ ᠦ᠋ᠨ ᠨᠣᠶᠠᠳ ᠶᠡᠬᠡ ᠬᠤᠷᠠᠯᠲᠠᠢ ᠬᠤᠷᠠᠵᠤ ᠬᠠᠶ᠋ᠢᠱᠠᠨ ᠊ᠢ ᠬᠦᠷᠢᠶᠡᠯᠡᠨ ᠶᠡᠬᠡ ᠬᠠᠭᠠᠨ ᠪ ᠣᠷᠣ ᠳᠤ ᠰᠠᠭᠤᠯᠭᠠᠨ ᠂ ᠬᠠᠷᠠᠬᠠᠰᠤᠨ ᠲᠥᠷᠦᠭᠦᠲᠡᠢ ᠪᠢᠴᠢᠭ᠌ ᠴᠡᠷᠢᠭ ᠦ᠋ᠨ ᠲᠦᠰᠢᠮᠡᠳ ᠪᠠᠶᠠᠷ ᠦ᠋ᠨ ᠶᠣᠰᠣ ᠪᠠᠷ ᠮᠥᠷᠭᠥᠵᠦ ᠂ ᠠᠶᠤᠷᠪᠠᠷᠸᠠᠲᠠ ᠪᠠᠷ ᠬᠠᠭᠠᠨ ᠪ ᠬᠠᠰ ᠲᠠᠮᠠᠬ᠋᠎ᠠ ᠶ᠋ᠢ ᠠᠬ᠎ᠠ ᠬᠠᠶ᠋ᠢᠱᠠᠨ ᠳᠤ ᠡᠷᠭᠦᠨ ᠪᠠᠷᠢᠵᠤ ᠂ ᠣᠨ ᠪ ᠴᠣᠯᠠ ᠶ᠋ᠢ ᡁᠢ ᠳ᠋ᠠ ᠶ᠋ᠢᠨ ᠲᠡᠷᠢᠭᠦᠨ ᠣᠨ ᠬᠡᠮᠡᠨ ᠬᠠᠯᠠᠪᠠ ᠃ ᠡᠶ᠋ᠢᠨ ᠬᠦ ᠨᠢᠭᠡ ᠤᠲᠠᠭᠠᠨ ᠪ ᠠᠬ᠎ᠠ ᠳᠡᠭᠦᠦ ᠬᠣᠭᠣᠷᠣᠨᠲᠣ ᠪᠠᠨ ᠶᠡᠬᠡ ᠣᠷᠣ ᠪᠤᠯᠢᠶᠠᠯᠲᠤᠵᠤ ᠂ ᠴᠢᠰᠤ ᠤᠷᠤᠰᠬᠠᠬᠤ ᠠᠶᠤᠮᠰᠢᠬᠲᠤ ᠪᠠᠶ᠋ᠢᠲᠠᠯ ᠠ᠋ᠴᠠ ᠵᠠᠶ᠋ᠢᠯᠠᠰᠬᠢᠪᠡ ᠃
ᠬᠠᠶ᠋ᠢᠱᠠᠨ ᠶᠡᠬᠡ ᠬᠠᠭᠠᠨ ᠪ ᠰᠠᠭᠤᠷᠢᠨ ᠊ᠢ ᠢᠯᠭᠤᠬᠠᠨ ᠶ᠋ᠢᠠᠷ ᠵᠠᠯᠭᠠᠮᠵᠢᠯᠠᠭᠰᠠᠨ ᠨᠢ《 ᠳᠣᠲᠣᠭᠠᠳᠤ ᠶ᠋ᠢᠨ ᠰᠠᠮᠠᠭᠤᠨ 》 ᠊ᠢ ᠲᠦᠪᠰᠢᠤᠠᠬᠡᠨ ᠭᠠᠪᠢᠶ᠎ᠠ ᠪᠠᠶ᠋ᠢᠭᠤᠯᠤᠭᠰᠠᠨ ᠳᠡᠭᠦᠦ ᠠᠶᠤᠷᠪᠠᠷᠸᠠᠲᠠ ᠶ᠋ᠢᠨ ᠵᠢᠤᠠᠬᠦᠯ ᠴᠢᠷᠮᠠᠶ᠋ᠢᠯᠬ᠋ᠠ ᠪᠠ ᠬᠠᠲᠤᠨ ᠡᠬᠡ ᠳ᠋ᠠᠵᠢ ᠶ᠋ᠢᠨ ᠮᠡᠷᠭᠡᠨ ᠶ᠋ᠢᠡᠷ ᠲᠣᠭᠲᠠᠭᠠᠭᠰᠠᠨ ᠲᠠᠢ ᠰᠠᠯᠤᠰᠢ ᠦᠭᠡᠢ ᠭᠡᠳᠡᠭ ᠊ᠢ ᠬᠠᠶ᠋ᠢᠱᠠᠨ ᠲᠣᠲᠣᠷᠬᠠᠢ ᠮᠡᠲᠡᠮᠦᠢ ᠃ ᠲᠡᠶ᠋ᠢᠨ ᠬᠦ ᠡᠬᠡ ᠪᠣᠯᠤᠨ ᠳᠡᠭᠦᠦ ᠠᠶᠤᠷᠪᠠᠷᠸᠠᠲᠠ ᠳᠤ ᠶᠡᠬᠡᠲᠡ ᠲᠠᠯᠠᠷᠬᠠᠵᠤ ᠂ ᡁᠢ ᠳ᠋ᠠ ᠶ᠋ᠢᠨ ᠲᠡᠷᠢᠭᠦᠨ ᠣᠨ (1308 ᠣᠨ ) ᠣᠨ ᠳᠤ ᠬᠤᠸᠠᠩ ᠲᠠᠶ᠋ᠢᠬᠡᠦ ᠳᠤ ᠰᠢᠩ ᠱᠸᠩ ᠭᠥᠩ ᠣᠷᠲᠣᠨ ᠊ᠢ ᠪᠠᠶ᠋ᠢᠭᠤᠯᠵᠤ ᠥᠭᠴᠡᠢ ᠃ ᠡᠬᠡ ᠳ᠋ᠠᠵᠢ ᠶ᠋ᠢ ᠬᠤᠸᠠᠩ ᠲᠠᠶ᠋ᠢᠬᠡᠦ ᠬᠡᠮᠡᠨ ᠡᠷᠭᠦᠵᠦ ᠨᠡᠷᠡᠢᠳᠦᠭᠰᠡᠨ ᠪᠠ ᠲᠤᠰ ᠵᠢᠯ ᠦ᠋ᠨ ᠵᠢᠷᠭᠤᠲᠤᠭᠠᠷ ᠰᠠᠷ᠎ᠠ ᠳᠤ ᠳᠡᠭᠦᠦ ᠠᠶᠤᠷᠪᠠᠷᠸᠠᠲᠠ ᠶ᠋ᠢ ᠬᠣᠩ ᠲᠠᠶ᠋ᠢᠽᠢ ᠡᠷᠭᠦᠮᠵᠢᠯᠡᠵᠦ ᠨᠠᠪᠴᠢᠲᠤ ᠡᠷᠭᠦᠮᠵᠢᠯᠡᠯ ᠦ᠋ᠨ ᠪᠢᠴᠢᠭ᠌ ᠪᠣᠯᠤᠨ ᠲᠠᠶ᠋ᠢᠽᠢ ᠶ᠋ᠢᠨ ᠬᠠᠰ ᠲᠠᠮᠠᠬ᠋᠎ᠠ ᠰᠣᠶᠣᠷᠬᠠᠵᠤ ᠂ ᠬᠣᠶ᠋ᠢᠰᠢᠲᠠ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠬᠤ ᠠᠰᠠᠭᠤᠲᠠᠯ ᠳᠤ 《 ᠠᠬ᠎ᠠ ᠠᠨᠤ ᠬᠠᠯᠢᠪᠠᠰᠤ ᠳᠡᠭᠦᠦ ᠢᠨᠤ ᠵᠠᠯᠭᠠᠮᠵᠢᠯᠠᠬᠤ ᠂ ᠠᠪᠠᠬ᠋᠎ᠠ ᠠᠨᠤ ᠬᠠᠯᠢᠪᠠᠰᠤ ᠦᠶᠡᠯᠢᠳ ᠬᠥᠪᠡᠭᠦᠨ ᠢᠨᠤ ᠵᠠᠯᠭᠠᠮᠵᠢᠯᠠᠬᠤ 》 ᠬᠡᠮᠡᠨ ᠪᠣᠯᠵᠣᠨ ᠲᠣᠭᠲᠠᠭᠠᠪᠠ ᠃
ᡁᠢ ᠳ᠋ᠠ ᠶ᠋ᠢᠨ ᠳᠥᠷᠪᠡᠳᠦᠭᠡᠷ ᠣᠨ (1311 ᠣᠨ ) ᠪ ᠴᠠᠭᠠᠨ ᠰᠠᠷ᠎ᠠ ᠳᠤ ᠬᠠᠶ᠋ᠢᠱᠠᠨ ᠰᠠᠭᠤᠷᠢᠨ᠎ᠠ ᠲᠠᠪᠤᠨ ᠵᠢᠯ ᠰᠠᠭᠤᠵᠤ ᠭᠤᠴᠢᠨ ᠨᠢᠭᠡᠲᠡᠢ ᠬᠠᠯᠢᠪᠠ ᠃ ᠮᠣᠩᠭᠣᠯ ᠶ᠋ᠢᠠᠷ ᠬᠥᠯᠥᠭ ᠬᠠᠭᠠᠨ ᠬᠡᠮᠡᠮᠦᠢ ᠃ 《 ᠶᠤᠸᠠᠨ ᠤᠯᠤᠰ ᠦ᠋ᠨ ᠲᠡᠤᠬᠡ 》 ᠳᠤ ᠬᠠᠶ᠋ᠢᠱᠠᠨ ᠬᠥᠯᠥᠭ ᠬᠠᠭᠠᠨ ᠪ ᠲᠤᠬᠠᠢ ᠰᠢᠭᠦᠮᠵᠢ ᠳᠤ ᠦᠭᠦᠯᠡᠭᠰᠡᠨ ᠨᠢ 《 ᠬᠠᠭᠠᠨ ᠪᠠᠶᠠᠨ ᠡᠯᠪᠡᠭ ᠣᠴᠢᠷ᠎ᠠ ᠶᠡᠬᠡ ᠲᠥᠷᠥ ᠶ᠋ᠢ ᠡᠵᠡᠯᠡᠭᠡᠳ ᠠᠰᠢᠬ ᠊ᠢ ᠬᠥᠭᠵᠢᠭᠦᠯᠬᠦ᠂ ᠭᠡᠮ ᠊ᠢ ᠠᠷᠢᠯᠭᠠᠬᠤ ᠪᠠᠷ ᠬᠦᠴᠦᠯᠡᠨ ᠵᠢᠤᠠᠬᠦᠵᠦᠬᠦᠢ ᠃ ᠲᠦᠰᠢᠮᠡᠯ ᠡᠷᠭᠦᠮᠵᠢᠯᠡᠭᠰᠡᠨ ᠢᠨᠤ ᠮᠠᠰᠢ ᠬᠡᠲᠦᠷᠡᠭᠡᠳ ᠱᠠᠩᠨᠠᠵᠤ ᠥᠭᠭᠦᠭᠰᠡᠨ ᠢᠨᠤ ᠳᠠᠩᠴᠤ ᠦᠯᠡᠮᠵᠢ ᠪᠣᠯᠪᠠᠴᠤ ᡁᠢ ᠶᠤᠸᠠᠨ ᠂ ᠳ᠋ᠠ ᠳ᠋ᠢ ᠶ᠋ᠢᠨ ᠴᠠᠭ ᠦ᠋ᠨ ᠵᠠᠰᠠᠭ ᠊ᠢ ᠪᠠᠬᠠᠨ ᠴᠣᠴᠠᠯᠤᠨ ᠬᠠᠯᠠᠵᠤ ᠡᠭᠡᠨᠡᠭᠲᠡ ᠰᠠᠶ᠋ᠢᠨ ᠊ᠢ ᠱᠠᠭᠠᠷᠲᠠᠵᠤ ᠡᠩᠬᠡ ᠶ᠋ᠢ ᠬᠢᠴᠢᠶᠡᠭᠰᠡᠨ ᠡᠵᠡᠨ ᠪᠣᠯᠬᠤ ᠶ᠋ᠢ ᠠᠯᠲᠠᠭᠰᠠᠨ ᠦᠭᠡᠢ ᠪᠣᠯᠠᠢ 》 ᠬᠡᠮᠡᠪᠡ ᠃ 《 ᠵᠢᠷᠦᠬᠡᠨ ᠪ ᠲᠣᠯᠲᠣ ᠶ᠋ᠢᠨ ᠲᠠᠶ᠋ᠢᠯᠪᠦᠷᠢ ᠣᠭᠲᠠᠷᠭᠤᠢ ᠶ᠋ᠢᠨ ᠮᠠᠨᠢ ᠬᠡᠮᠡᠬᠦ ᠰᠤᠲᠤᠷ ᠣᠷᠤᠰᠢᠪᠡ 》 ᠪᠣᠯᠤᠨ 《 ᠠᠯᠲᠠᠨ ᠬᠦᠷᠲᠦᠨ ᠮᠢᠩᠭᠠᠨ ᠭᠡᠭᠡᠰᠤᠲᠤ 》 ᠬᠡᠮᠡᠬᠦ ᠪᠢᠴᠢᠭ᠌ ᠲᠦ ᠂ ᠬᠠᠶ᠋ᠢᠱᠠᠨ ᠬᠥᠯᠥᠭ ᠬᠠᠭᠠᠨ ᠢᠶᠠᠷ ᠮᠣᠩᠭᠣᠯ ᠦᠰᠦᠭ ᠊ᠢ ᠲᠥᠯᠥᠪᠵᠢᠭᠦᠯᠬᠦ ᠳᠤ ᠮᠠᠰᠢ ᠶᠡᠬᠡ ᠬᠤᠪᠢ ᠨᠡᠮᠡᠷᠢ ᠭᠠᠷᠭᠠᠪᠠ ᠭᠡᠵᠡᠢ ᠃ ᠲᠡᠭᠦᠨ ᠪ ᠦᠶ᠎ᠡ ᠳᠤ ᠶᠡᠬᠡ ᠰᠢᠲᠢᠲᠤ ᠴᠤᠶ᠋ᠢᠵᠢᠠᠣᠤᠠᠰᠠᠷ ᠯᠠᠮᠠ ᠶ᠋ᠢ ᠬᠠᠭᠠᠨ ᠪ ᠪᠠᠭᠰᠢ ᠪᠣᠯᠭᠠᠵᠤ ᠮᠣᠩᠭᠣᠯ ᠬᠡᠯᠡᠨ ᠪ ᠠᠩᠬᠠᠨ ᠪ ᠬᠡᠯᠡ ᠵᠦᠢ ᠶ᠋ᠢ ᠵᠣᠬᠢᠶᠠᠪᠠ ( 《 ᠮᠣᠩᠭᠣᠯ ᠦ᠋ᠨ ᠪᠣᠷᠵᠢᠭᠢᠳ ᠤᠪᠤᠬ ᠦ᠋ᠨ ᠲᠡᠦᠬᠡ 》 ) ᠭᠡᠵᠡᠢ ᠃
ᠬᠡᠯᠡᠪᠡᠯ ᠪᠠᠰᠠ ᠰᠣᠨᠢᠨ ᠪᠥᠯᠥᠭᠡ ᠃ ᠬᠠᠶ᠋ᠢᠱᠠᠨ ᠬᠥᠯᠥᠭ ᠬᠠᠭᠠᠨ ᠪ ᠬᠠᠯᠢᠬᠰᠠᠨ ᠴᠠᠭ ᠡᠲᠦᠷ ᠨᠢ ᠲᠡᠮᠦᠷ ᠥᠯᠵᠡᠶ᠋ᠢᠲᠦ ᠬᠠᠭᠠᠨ ᠪ ᠬᠠᠯᠢᠬᠰᠠᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠪ ᠴᠠᠭ ᠡᠲᠦᠷ ᠲᠡᠢ ᠨᠢᠭᠡᠨ ᠠᠲᠠᠯᠢ ᠪᠠᠶ᠋ᠢᠪᠠ ᠃ ᠡᠭᠦᠨ ᠳᠤ ᠬᠤᠸᠠᠩ ᠲᠠᠶ᠋ᠢᠬᠡᠦ ᠳ᠋ᠠᠵᠢ ᠪᠠᠷ ᠲᠦᠯᠭᠡᠴᠢᠨ ᠪ ᠦᠭᠡ ᠶ᠋ᠢ ᠨᠡᠩᠲᠡ ᠢᠲᠡᠭᠡᠵᠦ ᠪᠢᠰᠢᠷᠡᠭᠡᠳ ᠬᠠᠶ᠋ᠢᠱᠠᠨ ᠪ ᠬᠥᠪᠡᠭᠦᠨ ᠬᠣᠱᠢᠯᠠ ᠪᠣᠯᠤᠨ ᠲᠣᠬᠲᠡᠮᠦᠷ ᠬᠡᠲᠦᠶ᠋ᠢᠪᠡᠷ ᠥᠭᠡᠯᠡᠢ ᠶᠡᠬᠡ ᠪᠣᠯᠤᠭᠰᠠᠨ ᠪᠣᠯᠪᠠᠴᠤ ᠬᠣᠩ ᠲᠠᠶ᠋ᠢᠽᠢ ᠡᠷᠭᠦᠮᠵᠢᠯᠡᠭᠳᠡᠭᠰᠡᠨ ᠬᠣᠶᠠᠲᠤᠭᠠᠷ ᠬᠥᠪᠡᠭᠦᠨ ᠠᠶᠤᠷᠪᠠᠷᠸᠠᠲᠠ ᠶ᠋ᠢ ᠪᠣᠯᠵᠣᠬ᠋᠎ᠠ ᠶᠣᠰᠣᠭᠠᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠬᠤ ᠶ᠋ᠢ ᠳᠡᠮᠵᠢᠪᠡ ᠃ ᠢᠢᠨ ᠬᠦ ᡁᠢ ᠳ᠋ᠠ ᠶ᠋ᠢᠨ ᠳᠥᠷᠪᠡᠳᠦᠭᠡᠷ ᠣᠨ (1311 ᠣᠨ ) ᠪ ᠭᠤᠷᠪᠠᠲᠤᠭᠠᠷ ᠰᠠᠷ᠎ᠠ ᠳᠤ ᠠᠶᠤᠷᠪᠠᠷᠸᠠᠲᠠ ᠢᠪ ᠢᠯᠭᠤᠬᠠᠨ ᠶ᠋ᠢᠠᠷ ᠶᠡᠬᠡ ᠬᠠᠭᠠᠨ ᠪ ᠰᠠᠭᠤᠷᠢᠨ ᠳᠤ ᠰᠠᠭᠤᠪᠠ ᠃ ᠲᠡᠦᠬᠡᠨ ᠳᠤ ᠪᠤᠶᠠᠨᠲᠤ ᠬᠠᠭᠠᠨ ᠬᠡᠮᠡᠨ ᠠᠯᠲᠠᠷᠰᠢᠪᠠ ᠃
ᠠᠶᠤᠷᠪᠠᠷᠸᠠᠲᠠ ᠪᠣᠯᠪᠠᠰᠤ ᠳᠠᠶ᠋ᠢᠳᠤ ᠬᠣᠲᠠ ᠳᠤ ᠥᠰᠴᠦ ᠬᠢᠲᠠᠳ ᠪᠢᠴᠢᠭ᠌ ᠦ᠋ᠨ ᠰᠤᠷᠭᠠᠯᠲᠠᠨ ᠯᠢ ᠮᠸᠩ ᠊ᠢ ᠪᠠᠭᠰᠢ ᠪᠠᠷᠢᠵᠤ ᠪᠢᠴᠢᠭ᠋ ᠦ᠋ᠨ ᠰᠤᠷᠭᠠᠯ ᠦ᠋ᠨ ᠤᠯᠠᠮᠵᠢᠯᠠᠯᠲᠤ ᠬᠥᠮᠦᠵᠢᠯ ᠊ᠢ ᠭᠦᠨ ᠬᠦᠷᠲᠡᠭᠰᠡᠨ ᠲᠤᠯᠠ ᠲᠡᠭᠦᠨ ᠪ ᠦᠵᠡᠯ ᠰᠠᠨᠠᠬ᠋᠎ᠠ ᠶ᠋ᠢ ᠮᠠᠰᠢ ᠶᠡᠬᠡ ᠪᠡᠷ ᠨᠥᠯᠥᠭᠡᠯᠡᠵᠡᠢ ᠃ ᠲᠡᠷᠡ ᠦᠷᠭᠦᠯᠵᠢ ᠥᠭᠦᠯᠡᠷᠦᠨ ᠄ 《 ᠪᠡᠶ᠎ᠡ ᠪᠡᠨ ᠵᠠᠰᠠᠬᠤ ᠪᠠ ᠤᠯᠤᠰ ᠊ᠢ ᠲᠦᠪᠰᠢᠷᠡᠭᠦᠯᠬᠦᠢ ᠳ᠋ᠤᠷ ᠪᠢᠴᠢᠭ᠌ ᠦ᠋ᠨ ᠰᠤᠷᠭᠠᠯ ᠡᠷᠬᠢᠮ ᠪᠤᠶᠤ ᠂ ᠪᠢᠴᠢᠭ᠌ ᠦ᠋ᠨ ᠬᠥᠮᠦᠨ ᠊ᠢ ᠡᠷᠬᠢᠮᠯᠡᠨ ᠬᠡᠷᠡᠭᠯᠡᠪᠡᠰᠦ ᠭᠤᠷᠪᠠᠨ ᠬᠡᠯᠬᠢᠶ᠎ᠡ ᠲᠠᠪᠤᠨ ᠡᠭᠦᠷᠢᠲᠡ ᠶ᠋ᠢ ᠪᠠᠲᠤᠯᠠᠵᠤ ᠴᠢᠲᠠᠮᠤᠢ 》 ᠭᠡᠳᠡᠭ ᠃
ᠠᠶᠤᠷᠪᠠᠷᠸᠠᠲᠠ ᠬᠠᠷᠠᠬᠠᠨ ᠪᠠᠬ᠋᠎ᠠ ᠠ᠋ᠴᠠ ᠪᠠᠨ ᠡᠬᠡ ᠳ᠋ᠠᠵᠢ ᠯᠤᠬ᠋᠎ᠠ ᠬᠠᠮᠲᠤ ᠠᠮᠢᠲᠤᠷᠠᠵᠤ ᠬᠤᠪᠢ ᠵᠠᠶᠠᠬ᠋᠎ᠠ ᠪᠠᠨ ᠨᠢᠭᠡᠳᠬᠡᠭᠰᠡᠨ ᠪᠣᠯᠬᠣᠷ ᠠᠯᠢᠪᠠ ᠪᠦᠬᠦᠨ ᠳᠤ ᠪᠦᠷ ᠲᠡᠭᠦᠨ ᠪ ᠦᠭᠡ ᠶ᠋ᠢ ᠰᠣᠨᠣᠰᠴᠤ ᠠᠷᠬ᠋᠎ᠠ ᠶ᠋ᠢ ᠳᠠᠭᠠᠳᠠᠬ ᠃ ᠤᠴᠢᠷ ᠡᠶ᠋ᠢᠮᠦ ᠳ᠋ᠤᠷ ᠳ᠋ᠠᠵᠢ ᠵᠠᠰᠠᠭ ᠲᠥᠷᠥ ᠶ᠋ᠢᠨ ᠬᠡᠷᠡᠭ ᠲᠦ ᠤᠲᠠᠬ᠋᠎ᠠ ᠳᠠᠷᠠᠬ᠋᠎ᠠ ᠪᠠᠷ ᠭᠠᠷ ᠲᠥᠷᠥᠵᠦ ᠠᠶᠤᠷᠪᠠᠷᠸᠠᠲᠠ ᠶ᠋ᠢ ᠶᠡᠬᠡᠲᠡ ᠰᠠᠭᠠᠷᠠᠭᠤᠯᠪᠠ ᠃ 《 ᠶᠤᠸᠠᠨ ᠤᠯᠤᠰ ᠦ᠋ᠨ ᠲᠡᠦᠬᠡ 》 ᠳᠤ ᠳ᠋ᠠᠵᠢ ᠶ᠋ᠢ 《 ᠬᠡᠲᠦᠷᠬᠡᠢ ᠵᠣᠷᠢᠬ ᠶ᠋ᠢᠠᠷ ᠡᠷᠡᠮᠡᠬᠡᠶ᠋ᠢᠯᠡᠪᠠᠢ 》 ᠬᠡᠮᠡᠪᠡ ᠃
ᠠᠶᠤᠷᠪᠠᠷᠸᠠᠲᠠ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠰᠠᠨ ᠬᠣᠶ᠋ᠢᠨ᠎ᠠ ᠪᠢᠴᠢᠭ᠌ ᠦ᠋ᠨ ᠰᠤᠷᠭᠠᠯ ᠊ᠢ ᠶᠡᠬᠡᠲᠡ ᠬᠦᠨᠲᠦᠤᠠᠬᠡᠨ ᠮᠦᠴᠡᠯᠭᠡ ᠶ᠋ᠢᠨ ᠳᠦᠷᠢᠮ ᠊ᠢ ᠵᠣᠷᠢᠬᠲᠠᠢ ᠳᠡᠯᠭᠡᠷᠡᠭᠦᠯᠵᠦ ᠂ ᠴᠢᠲᠠᠪᠤᠷᠢᠲᠠᠨ ᠊ᠢ ᠰᠢᠯᠢᠵᠤ ᠰᠣᠩᠭᠣᠬᠤ ᠶ᠋ᠢ ᠴᠢᠬᠤᠯᠠᠴᠢᠯᠠᠭᠰᠠᠨ ᠪᠥᠭᠡᠳ ᠲᠠᠷᠢᠶ᠎ᠠ ᠢᠯᠠᠮ᠎ᠠ ᠶ᠋ᠢᠨ ᠤᠶ᠋ᠢᠯᠡᠰ ᠊ᠢ ᠬᠥᠭᠵᠢᠭᠦᠯᠦᠨ ᠂ ᠭᠠᠶ᠋ᠢᠯᠢ ᠭᠤᠪᠴᠢᠭᠤᠷ ᠊ᠢ ᠴᠡᠬ᠋ᠴᠡᠯᠡᠨ ᠢᠷᠭᠡᠨ ᠪ ᠳᠠᠷᠤᠭᠠᠰᠤ ᠶ᠋ᠢ ᠬᠥᠩᠭᠡᠯᠡᠪᠡ ᠃ ᠡᠨᠡ ᠨᠢ ᠲᠡᠷᠡ ᠶᠡᠬᠡ ᠬᠠᠭᠠᠨ ᠪ ᠰᠠᠭᠤᠷᠢᠨ ᠳᠤ ᠪᠠᠶ᠋ᠢᠬᠤ ᠳ᠋ᠠᠭᠠᠨ ᠪᠠᠬᠠᠨ ᠠᠮᠵᠢᠯᠲᠠ ᠪᠦᠲᠦᠭᠡᠯ ᠭᠠᠷᠭᠠᠶ᠎ᠠ ᠬᠡᠮᠡᠨ ᠪᠣᠲᠣᠭᠰᠠᠨ ᠪᠣᠯᠪᠠᠴᠤ ᠬᠤᠸᠠᠩ ᠲᠠᠶ᠋ᠢᠬᠡᠦ ᠳ᠋ᠠᠵᠢ ᠶᠡᠷᠦ ᠨᠢ ᠭᠠᠷ ᠳᠦᠷᠦᠭᠡᠳ ᠬᠦᠨᠲᠦ ᠨᠣᠴᠢᠲᠠᠢ ᠬᠠᠷᠰᠢᠯᠠᠪᠠ ᠃ ᠡᠨᠲᠡ ᠣᠨᠴᠠᠭᠠᠶ᠋ᠢᠯᠠᠨ ᠳᠤᠷᠠᠳᠤᠭᠤᠰᠢᠳᠠᠢ ᠨᠢ ᠂ ᠠᠶᠤᠷᠪᠠᠷᠸᠠᠲᠠ ᠂ ᠪᠠᠭᠰᠢ ᠯᠢ ᠮᠸᠩ ᠶ᠋ᠢᠡᠨ ᠲᠦᠪ ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠡᠷᠭᠦᠮᠵᠢᠯᠡᠬᠦ ᠭᠡᠰᠡᠨ ᠳᠤ ᠬᠤᠸᠠᠩ ᠲᠠᠶ᠋ᠢᠬᠡᠦ ᠳ᠋ᠠᠵᠢ ᠬᠠᠷᠢᠨ ᠤᠷᠢᠲᠠᠪᠡᠷ ᠵᠠᠷᠯᠢᠬ ᠪᠠᠭᠤᠯᠭᠠᠵᠤ ᠲᠡᠭᠦᠨ ᠯᠤᠭᠡ ᠣᠨᠴᠠ ᠬᠠᠷᠢᠴᠠᠬ᠋ᠠ ᠲᠠᠢ ᠪᠠᠶ᠋ᠢᠬᠰᠠᠨ ᠲᠠᠮᠦᠲᠠᠷ ᠊ᠢ ᠡᠷᠭᠦᠮᠵᠢᠯᠡᠪᠡ ᠃ ᠠᠶᠤᠷᠪᠠᠷᠸᠠᠲᠠ ᠬᠡᠲᠦᠶ᠋ᠢᠪᠡᠷ ᠳᠤᠷ᠎ᠠ ᠦᠭᠡᠢ ᠪᠠᠶ᠋ᠢᠬᠰᠠᠨ ᠴᠤ᠌ ᠠᠷᠬ᠋᠎ᠠ ᠪᠤᠰᠤ ᠡᠬᠡ ᠶ᠋ᠢᠨ ᠶ᠋ᠢᠡᠨ ᠰᠠᠨᠠᠬ᠋᠎ᠠ ᠶ᠋ᠢ ᠳᠠᠭᠠᠪᠠ ᠃
ᠲᠡᠮᠤᠲᠡᠷ ᠬᠡᠮᠡᠭᠴᠢ ᠵᠢᠰᠤᠷ ᠵᠠᠯᠢᠬᠠᠢ ᠬᠣᠪᠲᠣᠭ ᠰᠢᠨᠣᠬᠠᠢ ᠠᠮᠢᠲᠠᠨ ᠮᠥᠨ ᠃ ᠲᠡᠷᠡ ᠪᠣᠯ ᠮᠥᠩᠬᠡ ᠬᠠᠭᠠᠨ ᠪ ᠦᠶ᠎ᠡ ᠳ᠋ᠡᠬᠢ ᠶᠡᠬᠡ ᠵᠠᠩᠵᠤᠨ ᠪᠦᠷᠢᠯᠬᠢᠲᠠᠢ ᠶ᠋ᠢᠨ ᠣᠮᠪᠣᠯᠣ ( ᠮᠣᠷᠬᠤᠴᠢ ᠶ᠋ᠢᠨ ᠬᠥᠪᠡᠭᠦᠨ ) ᠪᠣᠯᠤᠮᠤᠢ ᠃ ᠲᠡᠮᠦᠷ ᠥᠯᠵᠡᠶ᠋ᠢᠲᠦ ᠬᠠᠭᠠᠨ ᠪ ᠦᠶ᠎ᠡ ᠳᠤ ᠰᠢᠣᠸᠠᠨ ᠬᠣᠢ ᠶᠤᠸᠠᠨ ᠬᠦᠷᠢᠶᠡᠯᠡᠩ ᠦ᠋ᠨ ᠬᠠᠮᠲᠤ ᠮᠡᠳᠡᠭᠴᠢ ᠪᠠᠶ᠋ᠢᠵᠠᠢ ᠃ ᠬᠠᠶ᠋ᠢᠱᠠᠨ ᠬᠥᠯᠦᠭ ᠬᠠᠭᠠᠨ ᠪ ᠦᠶ᠎ᠡ ᠳᠤ ᠶᠦᠨᠨᠠᠨ ᠬᠤᠪᠢᠶᠠᠷᠢ ᠮᠣᠵᠢ ᠶ᠋ᠢᠨ ᠵᠡᠭᠦᠨ ᠭᠠᠷᠤᠨ ᠴᠢᠩᠰᠠᠩ ᠪᠣᠯᠪᠠ ᠃ ᠠᠶᠤᠷᠪᠠᠷᠸᠠᠲᠠ ᠪᠤᠶᠠᠨᠲᠤ ᠬᠠᠭᠠᠨ ᠪ ᠦᠶ᠎ᠡ ᠳᠤ ᠬᠤᠸᠠᠩ ᠲᠠᠶ᠋ᠢᠬᠡᠦ ᠳ᠋ᠠᠵᠢ ᠳᠤ ᠲᠠᠭᠠᠯᠠᠭᠲᠠᠵᠤ ᠲᠥᠪ ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠦ᠋ᠨ ᠲᠤᠰᠢᠶᠠᠯ ᠳᠤ ᠳᠠᠪᠰᠢᠪᠠ᠃ ᠲᠡᠷᠡ ᠲᠤᠰᠢᠶᠠᠯ ᠳᠤ ᠭᠠᠷᠤᠭᠰᠠᠨ ᠪ ᠬᠣᠶ᠋ᠢᠨ᠎ᠠ ᠳᠠᠪᠤᠰᠤᠨ ᠲᠡᠮᠲᠡᠭ ᠲᠠᠷᠬᠠᠭᠠᠵᠤ ᠳᠤᠮᠳᠠ ᠠ᠋ᠴᠠ ᠨᠢ ᠵᠠᠪᠰᠢᠨ ᠂ ᠵᠢᠶᠠᠩᠨᠠᠨ ᠣᠷᠣᠨ ᠪ ᠲᠠᠷᠢᠶᠠᠨ ᠲᠦᠷᠢᠶᠡᠰᠦ ᠶ᠋ᠢ ᠨᠡᠮᠡᠭᠳᠡᠭᠦᠯᠵᠦ ᠂ ᠠᠷᠠᠳ ᠢᠷᠭᠡᠳ ᠲᠤ ᠭᠠᠢ ᠵᠣᠪᠠᠯᠠᠩ ᠲᠠᠷᠢᠪᠠ ᠃ ᠡᠭᠦᠨ ᠳᠤ ᠵᠣᠣ ᠱᠢ ᠶᠠᠨ ᠲᠦᠷᠦᠭᠦᠲᠠᠢ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠳᠥᠴᠢᠭᠡᠳ ᠲᠦᠰᠢᠮᠡᠯ ᠨᠡᠷ᠎ᠡ ᠬᠣᠯᠪᠣᠭᠠᠯᠠᠨ ᠲᠡᠮᠦᠲᠡᠷ ᠦ᠋ᠨ ᠶᠠᠯ᠎ᠠ ᠭᠡᠮ ᠊ᠢ ᠵᠠᠭᠠᠯᠲᠤᠪᠠ ᠃
ᠠᠶᠤᠷᠪᠠᠷᠸᠠᠲᠠ ᠪᠤᠶᠠᠨᠲᠤ ᠬᠠᠭᠠᠨ ᠶᠡᠬᠡᠲᠡ ᠬᠢᠯᠢᠩᠨᠡᠵᠦ ᠂ ᠲᠡᠮᠦᠲᠡᠷ ᠦ᠋ᠨ ᠪᠠᠷᠠᠭᠤᠨ ᠭᠠᠷᠤᠨ ᠴᠢᠩᠰᠠᠩ ᠦ᠋ᠨ ᠲᠤᠰᠢᠶᠠᠯ ᠊ᠢ ᠣᠭᠴᠣᠷᠠᠭᠤᠯᠵᠤ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠳᠡᠳ᠋ ᠲᠦᠰᠢᠮᠡᠯ ᠰᠢᠶᠣᠤ ᠪᠠᠶ᠋ᠢᠵᠤ ᠶ᠋ᠢ ᠲᠡᠭᠦᠨ ᠪ ᠣᠷᠣᠨ ᠳᠤ ᠲᠣᠮᠢᠯᠠᠵᠤ ᠂ ᠶᠠᠩ ᠳᠣᠷᠵᠢ ᠶ᠋ᠢ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠡᠷᠬᠢᠨ ᠰᠠᠶ᠋ᠢᠳ ᠶ᠋ᠢᠠᠷ ᠡᠷᠭᠦᠮᠵᠢᠯᠡᠪᠡ ᠃ ᠶᠠᠩ ᠳᠣᠷᠵᠢ ᠲᠤᠰᠢᠶᠠᠯ ᠊ᠢ ᠬᠦᠯᠢᠶᠡᠭᠰᠡᠨ ᠪ ᠳᠠᠷᠠᠬ᠋᠎ᠠ ᠰᠢᠶᠣᠤ ᠪᠠᠶ᠋ᠢᠵᠤ ᠪᠣᠯᠤᠨ ᠱᠠᠩᠲᠤ ᠬᠣᠲᠠ ᠶ᠋ᠢᠨ ᠰᠠᠬᠢᠬᠴᠢ ᠲᠦᠰᠢᠮᠡᠯ ᠾᠧ ᠱᠸᠩ ᠯᠤᠭᠡ ᠬᠣᠯᠪᠣᠭᠠᠯᠠᠵᠤ ᠲᠡᠮᠦᠲᠡᠷ ᠦ᠋ᠨ ᠰᠢᠨᠤᠬᠠᠢ ᠠᠪᠯᠢᠭᠠᠴᠢ ᠬᠠᠤᠯᠢ ᠴᠠᠭᠠᠵᠠ ᠠ᠋ᠴᠠ ᠳᠡᠷᠰᠯᠡᠭᠰᠡᠨ ᠬᠡᠷᠡᠭ ᠊ᠢ ᠢᠯᠡᠴᠢᠯᠡᠨ ᠲᠡᠭᠦᠨ ᠊ᠢ ᠪᠠᠷᠢᠪᠴᠢᠯᠠᠵᠤ ᠶᠠᠯ᠎ᠠ ᠠᠰᠠᠭᠤᠬᠤ ᠪᠠᠷ ᠠᠶᠤᠷᠪᠠᠷᠸᠠᠲᠠ ᠪᠤᠶᠠᠨᠲᠤ ᠬᠠᠭᠠᠨ ᠳᠤ ᠠᠶ᠋ᠢᠯᠠᠤᠠᠬᠠᠪᠠ ᠃ ᠲᠡᠮᠦᠲᠡᠷ ᠠᠶᠤᠭᠠᠳ ᠳ᠋ᠠᠵᠢ ᠶ᠋ᠢᠨ ᠰᠠᠭᠤᠬ᠋ᠠ ᠣᠷᠲᠣᠨ ᠳᠤ ᠨᠢᠭᠤᠭᠲᠠᠪᠠ ᠃
ᠠᠶᠤᠷᠪᠠᠷᠸᠠᠲᠠ ᠪᠤᠶᠠᠨᠲᠤ ᠬᠠᠭᠠᠨ ᠡᠬᠡ ᠶ᠋ᠢᠨ ᠶ᠋ᠢᠡᠨ ᠰᠡᠤᠠᠬᠢᠯ ᠊ᠢ ᠵᠣᠪᠠᠭᠠᠬᠤ ᠦᠭᠡᠢ ᠶ᠋ᠢᠨ ᠲᠥᠯᠥᠭᠡ ᠠᠷᠬ᠋᠎ᠠ ᠪᠤᠰᠤ ᠲᠡᠮᠦᠲᠡᠷ ᠦ᠋ᠨ ᠶᠠᠯ᠎ᠠ ᠶ᠋ᠢ ᠥᠷᠥᠰᠢᠶᠡᠵᠦ ᠂ ᠶᠠᠩ ᠳᠣᠷᠵᠢ ᠶ᠋ᠢᠨ ᠲᠤᠰᠢᠶᠠᠯ ᠊ᠢ ᠪᠠᠭᠤᠷᠠᠭᠤᠯᠪᠠ ᠃ ᠬᠤᠸᠠᠩ ᠲᠠᠶ᠋ᠢᠬᠡᠦ ᠳ᠋ᠠᠵᠢ ᠶ᠋ᠢᠨ ᠥᠮᠥᠭᠯᠡᠯ ᠊ᠢ ᠬᠦᠷᠲᠡᠭᠰᠡᠨ ᠲᠡᠮᠦᠲᠡᠷ ᠨᠢᠭᠡ ᠵᠢᠯ ᠦ᠋ᠨ ᠳᠠᠷᠠᠬ᠋᠎ᠠ ᠲᠠᠶ᠋ᠢᠽᠢ ᠶ᠋ᠢᠨ ᠲᠠᠶ᠋ᠢᠱ᠌ᠢ ᠪᠣᠯᠵᠤ ᠳᠠᠬᠢᠨ ᠤᠯᠤᠰ ᠲᠥᠷᠥ ᠶ᠋ᠢᠨ ᠲᠠᠪᠴᠠᠩ ᠳᠤ ᠭᠠᠷᠪᠠ ᠃ ᠠᠶᠤᠷᠪᠠᠷᠸᠠᠳᠠ ᠪᠤᠶᠠᠨᠲᠤ ᠬᠠᠭᠠᠨ ᠊ᠢ ᠲᠡᠦᠬᠡᠨ ᠳᠤ 《 ᠲᠥᠷᠥᠯᠬᠢ ᠥᠷᠦᠰᠢᠶᠡᠩᠭᠦᠢ ᠡᠯᠪᠡᠷᠢᠯᠲᠠᠢ ᠰᠡᠴᠡᠨ ᠭᠡᠭᠡᠨ ᠪᠢᠰᠢᠷᠡᠯᠲᠦ ᠠᠷᠪᠢᠴᠢ ᠪᠢᠴᠢᠭ᠌ ᠦ᠋ᠨ ᠶᠣᠰᠣᠨ ᠊ᠢ ᠭᠦᠨ ᠲᠤᠭᠤᠯᠵᠤ ᠪᠤᠷᠬᠠᠨ ᠪ ᠱᠠᠰᠢᠨ ᠳ᠋ᠤᠷ ᠰᠦᠰᠦᠭᠲᠡᠢ 》 ᠬᠡᠮᠡᠪᠡᠢ ᠃ ᠭᠡᠲᠡᠯ᠎ᠡ ᠲᠡᠭᠦᠨ ᠪ 《 ᠲᠥᠷᠥᠯᠬᠢ ᠥᠷᠥᠰᠢᠶᠡᠩᠭᠦᠢ ᠡᠯᠪᠡᠷᠢᠯᠲᠡᠢ 》 ᠠᠨᠤ ᠬᠠᠷᠢᠨ ᠰᠢᠨᠤᠬᠠᠢ ᠬᠣᠪᠲᠣᠭ ᠰᠥᠷᠭᠡᠦ ᠬᠠᠷᠭᠢᠰ ᠮᠠᠭᠤ ᠡᠲᠡᠭᠡᠳ ᠦ᠋ᠨ ᠡᠷᠬᠡ ᠶ᠋ᠢ ᠬᠤᠯᠠᠭᠤᠨ ᠵᠠᠰᠠᠭ ᠊ᠢ ᠡᠵᠡᠷᠬᠡᠵᠦ ᠰᠢᠲᠤᠷᠭᠤ ᠰᠠᠶ᠋ᠢᠳ ᠊ᠢ ᠪᠦᠷᠢᠯᠭᠡᠵᠦ ᠂ ᠬᠥᠪᠡᠭᠦᠨ ᠰᠣᠲᠢᠪᠠᠯᠠ ᠳᠤ ᠬᠣᠣᠷ ᠦ᠋ᠨ ᠦᠨᠲᠦᠰᠦ ᠶ᠋ᠢ ᠦᠯᠡᠲᠡᠭᠡᠭᠰᠡᠨ ᠪᠠᠶ᠋ᠢᠪᠠ ᠃
《 ᠪᠢᠴᠢᠭ᠌ ᠦ᠋ᠨ ᠶᠣᠰᠣᠨ ᠊ᠢ ᠭᠦᠨ ᠲᠤᠭᠤᠯᠵᠤ ᠪᠤᠷᠬᠠᠨ ᠪ ᠱᠠᠰᠢᠨ ᠳᠤ ᠰᠦᠰᠦᠭᠲᠡᠢ 》 ᠪᠤᠶᠠᠨᠲᠤ ᠬᠠᠭᠠᠨ ᠪᠠᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠬᠤ ᠠᠰᠠᠭᠤᠲᠠᠯ ᠳᠤ ᠬᠡᠲᠦᠷᠬᠡᠢ ᠬᠤᠪᠢᠨᠴᠢᠷ ᠳᠦᠷᠢ ᠪᠡᠷ ᠢᠯᠡᠷᠡᠪᠡ ᠃ ᠲᠡᠷᠡ ᠬᠤᠩ ᠲᠠᠶ᠋ᠢᠽᠢ ᠡᠷᠭᠦᠮᠵᠢᠯᠡᠭᠳᠡᠬᠦ ᠦᠶ᠎ᠡ ᠳ᠋ᠠᠬᠢ 《 ᠠᠬ᠎ᠠ ᠨᠢ ᠬᠠᠯᠢᠪᠠᠰᠤ ᠳᠡᠭᠦᠦ ᠨᠢ ᠵᠠᠯᠭᠠᠮᠵᠢᠯᠠᠬᠤ ᠂ ᠠᠪᠠᠬ᠋᠎ᠠ ᠠᠨᠤ ᠬᠠᠯᠢᠪᠠᠰᠤ ᠦᠶᠡᠯᠢᠳ ᠬᠥᠪᠡᠭᠦᠨ ᠢᠨᠦ ᠵᠠᠯᠭᠠᠮᠵᠢᠯᠠᠬᠤ 》 ᠬᠡᠮᠡᠬᠦ ᠠᠩᠬᠠᠨ ᠪ ᠶᠡᠬᠡ ᠪᠣᠯᠵᠣᠬ᠋᠎ᠠ ᠪᠠᠨ ᠡᠪᠲᠡᠭᠡᠳ ᠥᠪᠡᠷ ᠦ᠋ᠨ ᠬᠥᠪᠡᠭᠦᠨ ᠰᠣᠲᠢᠪᠠᠯᠠ ᠶ᠋ᠢ ᠬᠤᠩ ᠲᠠᠶ᠋ᠢᠽᠢ ᠡᠷᠭᠦᠮᠵᠢᠯᠡᠭᠰᠡᠨ ᠪᠠ ᠬᠠᠶ᠋ᠢᠱᠠᠨ ᠬᠥᠯᠥᠭ ᠬᠠᠭᠠᠨ ᠪ ᠠᠬᠠᠮᠠᠳ ᠬᠥᠪᠡᠭᠦᠨ ᠬᠤᠱ᠌ᠢᠯᠠ ᠶ᠋ᠢ ᠵᠧᠦ ᠸᠠᠩ ᠡᠷᠭᠦᠮᠵᠢᠯᠡᠵᠦ ᠶᠦᠨᠨᠠᠨ ᠪ ᠭᠠᠵᠠᠷ ᠲᠦ ᠳᠠᠷᠤᠨ ᠰᠠᠭᠤᠯᠭᠠᠬᠤ ᠪᠠᠷ ᠶᠠᠪᠤᠭᠤᠯᠪᠠ ᠃
ᠶᠠᠨ ᠶᠢᠤ ᠶ᠋ᠢᠨ ᠳᠣᠯᠣᠳᠤᠭᠠᠷ ᠣᠨ (1320 ᠣᠨ ) ᠪ ᠴᠠᠭᠠᠨ ᠰᠠᠷ᠎ᠠ ᠳᠤ ᠠᠶᠤᠷᠪᠠᠷᠸᠠᠲᠠ ᠪᠤᠶᠠᠨᠲᠤ ᠬᠠᠭᠠᠨ ᠲᠦᠷᠭᠡᠨ ᠡᠪᠡᠤᠠᠴᠢᠨ ᠶ᠋ᠢᠡᠷ ᠬᠠᠯᠢᠪᠠ ᠃ ᠭᠤᠴᠢᠨ ᠵᠢᠷᠭᠤᠭᠠᠨ ᠨᠠᠰᠤᠲᠠᠢ ᠪᠥᠯᠥᠭᠡ ᠃ ᠠᠷᠪᠠᠨ ᠵᠢᠯ ᠶᠡᠬᠡ ᠬᠠᠭᠠᠨ ᠪ ᠰᠠᠭᠤᠷᠢᠨ ᠳᠤ ᠰᠠᠭᠤᠪᠠ ᠃ ᠳᠥᠷᠪᠡᠨ ᠡᠲᠦᠷ ᠦ᠋ᠨ ᠳᠠᠷᠠᠬ᠋᠎ᠠ ᠬᠤᠸᠠᠩ ᠲᠠᠶ᠋ᠢᠬᠡᠦ ᠳ᠋ᠠᠵᠢ ᠵᠠᠷᠯᠢᠬ ᠪᠠᠭᠤᠯᠭᠠᠵᠤ ᠂ ᠵᠡᠷᠭᠡ ᠲᠤᠰᠢᠶᠠᠯ ᠶ᠋ᠢᠠᠨ ᠬᠤᠰᠤᠭᠤᠯᠤᠭᠰᠠᠨ ᠲᠡᠮᠦᠲᠡᠷ ᠊ᠢ ᠳᠠᠬᠢᠭᠠᠳ ᠲᠥᠪ ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠶ᠋ᠢᠠᠷ ᠲᠣᠮᠢᠯᠠᠪᠠ ᠃
ᠲᠡᠮᠦᠲᠡᠷ ᠲᠤᠰᠢᠶᠠᠯ ᠳᠤ ᠭᠠᠷᠤᠭᠰᠠᠨ ᠪ ᠳᠠᠷᠠᠭᠠᠬᠢ ᠲᠦᠷᠦᠭᠦᠦ ᠨᠢᠭᠡ ᠠᠵᠢᠯ ᠨᠢ ᠰᠢᠶᠣᠤ ᠪᠠᠶ᠋ᠢᠵᠤ ᠂ ᠶᠠᠩ ᠳᠣᠷᠵᠢ ᠬᠣᠶᠠᠷ ᠠ᠋ᠴᠠ ᠥᠰᠢᠶ᠎ᠡ ᠠᠪᠴᠤ ᠲᠠᠶ᠋ᠢᠬᠡᠦ ᠶ᠋ᠢᠨ ᠵᠠᠷᠯᠢᠬ ᠊ᠢ ᠵᠦᠷᠢᠴᠡᠭᠰᠡᠨ ᠶᠠᠯ᠎ᠠ ᠨᠥᠮᠥᠷᠥᠭᠦᠯᠵᠦ ᠠᠯᠠᠪᠠ ᠃ ᠵᠠᠯᠭᠠᠭᠠᠳ ᠱᠠᠩᠲᠤ ᠬᠣᠲᠠ ᠶ᠋ᠢᠨ ᠰᠠᠬᠢᠬᠴᠢ ᠲᠦᠰᠢᠮᠡᠯ ᠾᠧ ᠱᠸᠩ ᠊ᠢ ᠪᠠᠷᠢᠪᠴᠢᠯᠠᠵᠤ 《 ᠰᠤᠯᠠ ᠬᠤᠪᠴᠠᠰᠤ ᠪᠠᠷ ᠬᠠᠭᠠᠨ ᠪ ᠵᠠᠷᠯᠢᠬ ᠊ᠢ ᠬᠦᠯᠢᠶᠡᠵᠦ ᠬᠢᠴᠢᠶᠡᠩᠭᠦᠶ᠋ᠢᠯᠡᠯ ᠣᠰᠣᠯᠲᠠᠭᠰᠠᠨ ᠶᠠᠯ᠎ᠠ 》ᠲᠤᠯᠭᠠᠵᠤ ᠬᠣᠣᠷᠯᠠᠪᠠ ᠃
ᠶᠠᠨ ᠶᠢᠤ ᠶ᠋ᠢᠨ ᠳᠣᠯᠣᠳᠤᠭᠠᠷ ᠣᠨ ᠪ ᠭᠤᠷᠪᠠᠲᠤᠭᠠᠷ ᠰᠠᠷ᠎ᠠ ᠳᠤ ᠰᠣᠳᠢᠪᠠᠯᠠ ᠂ ᠬᠤᠩ ᠲᠠᠶ᠋ᠢᠽᠢ ᠶ᠋ᠢᠨ ᠳᠦᠷᠢᠮ ᠶᠣᠰᠣ ᠪᠠᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠪᠠ ᠃ ᠮᠣᠩᠭᠣᠯ ᠲᠡᠦᠬᠡᠨ ᠳᠤ ᠲᠡᠭᠦᠨ ᠊ᠢ ᠭᠡᠭᠡᠨ ᠬᠠᠭᠠᠨ ᠭᠡᠳᠡᠭ ᠃ ᠰᠣᠲᠢᠪᠠᠯᠠ ᠪᠣᠯ ᠳ᠋ᠠ ᠳ᠋ᠧ ᠶ᠋ᠢᠨ ᠳᠣᠯᠣᠳᠤᠭᠠᠷ ᠤᠨ (1303 ᠤᠨ ) ᠳᠤ ᠯᠥᠸᠸ ᠶᠠᠩ ᠤᠷᠴᠢᠮ ᠳ᠋ᠡᠬᠢ ᠬᠤᠸᠠᠶ᠋ᠢᠵᠸᠤ ᠶ᠋ᠢᠨ ᠸᠠᠩ ᠦ᠋ᠨ ᠣᠷᠲᠣᠨ ᠳᠤ ᠮᠡᠨᠲᠦᠯᠡᠵᠦ ᠬᠢᠲᠠᠳ ᠰᠣᠶᠣᠯ ᠦ᠋ᠨ ᠨᠥᠯᠥᠭᠡ ᠶ᠋ᠢ ᠭᠦᠨ ᠬᠦᠷᠲᠡᠭᠰᠡᠨ ᠬᠥᠮᠦᠨ ᠠᠵᠤᠭᠤ ᠃ ᠲᠡᠷᠡ ᠪᠡᠷ ᠤᠯᠤᠰ ᠲᠥᠷᠥ ᠶ᠋ᠢᠨ ᠦᠵᠡᠯᠲᠡ ᠶ᠋ᠢᠨ ᠲᠠᠯ᠎ᠠ ᠪᠠᠷ ᠳ᠋ᠠᠵᠢ ᠯᠤᠬ᠋᠎ᠠ ᠮᠠᠰᠢ ᠠᠲᠠᠯᠢ ᠦᠭᠡᠢ ᠃ ᠶᠠᠨ ᠶᠢᠤ ᠶ᠋ᠢᠨ ᠭᠤᠷᠪᠠᠲᠤᠭᠠᠷ ᠣᠨ ᠪ ᠬᠠᠪᠤᠷ ᠠᠶᠤᠷᠪᠠᠷᠸᠠᠲᠠ ᠪᠤᠶᠠᠨᠲᠤ ᠬᠠᠭᠠᠨ ᠠᠩᠬᠠᠨ ᠪ 《 ᠶᠡᠬᠡ ᠪᠣᠯᠵᠣᠬ᠋᠎ᠠ 》 ᠪᠠᠨ ᠡᠪᠲᠡᠭᠡᠳ ᠥᠪᠡᠷ ᠦ᠋ᠨ ᠬᠥᠪᠡᠭᠦᠨ ᠰᠣᠲᠢᠪᠠᠯᠠ ᠶ᠋ᠢ ᠬᠤᠩ ᠲᠠᠶ᠋ᠢᠽᠢ ᠡᠷᠭᠦᠮᠵᠢᠯᠡᠬᠦ ᠳᠤ ᠠᠷᠪᠠᠨ ᠭᠤᠷᠪᠠᠨ ᠨᠠᠰᠤᠲᠠᠢ ᠰᠣᠲᠢᠪᠠᠯᠠ ᠪᠠᠷ ᠡᠮᠡᠭᠡ ( ᠬᠤᠸᠠᠩ ᠲᠠᠶ᠋ᠢᠬᠡᠦ ᠳ᠋ᠠᠵᠢ ) ᠪᠠᠨ ᠡᠷᠢᠵᠦ ᠤᠴᠢᠭᠠᠳ ᠄ 《 ᠰᠠᠶ᠋ᠢᠳ ᠪᠢ ᠨᠠᠰᠤ ᠪᠠᠬ᠋᠎ᠠ ᠂ ᠴᠢᠲᠠᠪᠤᠷᠢ ᠮᠡᠬᠦᠰ ᠲᠤᠯᠠ ᠡᠨᠡ ᠬᠦ ᠬᠦᠨᠲᠦ ᠡᠭᠦᠷᠭᠡ ᠶ᠋ᠢ ᠬᠦᠯᠢᠶᠡᠵᠦ ᠦᠯᠦ ᠴᠢᠲᠠᠨ᠎ᠠ ᠂ ᠲᠡᠭᠦᠨᠴᠢᠯᠡᠨ ᠮᠢᠨᠦ ᠳᠡᠭᠡᠷ᠎ᠡ ᠪᠠᠰᠠ ᠠᠬ᠎ᠠ ᠪᠤᠢ ᠲᠤᠯᠠ ᠲᠡᠭᠦᠨ ᠊ᠢ ᠡᠷᠭᠦᠮᠵᠢᠯᠡᠪᠡᠰᠦ ᠵᠣᠬᠢᠮᠤᠢ ᠂ ᠪᠢ ᠪᠡᠷ ᠠᠬ᠎ᠠ ᠶ᠋ᠢ ᠲᠤᠰᠠᠯᠠᠰᠤᠭᠠᠢ 》 ᠬᠡᠮᠡᠪᠡ ᠃ ᠶᠠᠨ ᠶᠢᠤ ᠶ᠋ᠢᠨ ᠳᠣᠯᠣᠳᠤᠭᠠᠷ ᠣᠨ ᠪ ᠭᠤᠷᠪᠠᠲᠤᠭᠠᠷ ᠰᠠᠷ᠎ᠠ ᠳᠤ ᠶᠡᠬᠡ ᠬᠠᠭᠠᠨ ᠪ ᠣᠷᠣ ᠶ᠋ᠢ ᠵᠠᠯᠭᠠᠮᠵᠢᠯᠠᠬᠤ ᠶᠡᠬᠡ ᠶᠣᠰᠣᠯᠠᠯ ᠳᠤ ᠰᠣᠲᠢᠪᠠᠯᠠ ᠪᠠᠷ ᠯᠠᠪᠲᠠᠭᠤᠨ ᠪᠣᠯᠭᠣᠮᠵᠢᠲᠠᠢ ᠪᠥᠭᠡᠳ ᠡᠷᠡᠰ ᠵᠣᠷᠢᠬᠲᠠᠢ ᠣᠪᠣᠷ ᠪᠠᠶ᠋ᠢᠲᠠᠯ ᠊ᠢ ᠢᠯᠡᠷᠡᠭᠦᠯᠪᠡ ᠃ ᠳ᠋ᠠᠵᠢ ᠪᠠᠷ ᠡᠶ᠋ᠢᠮᠦᠷᠬᠦᠦ ᠴᠣᠭ ᠵᠢᠪᠬᠤᠬ᠋ᠠ ᠲᠡᠭᠦᠯᠲᠡᠷ ᠨᠠᠰᠤ ᠵᠠᠯᠠᠭᠤ ᠬᠠᠭᠠᠨ ᠊ᠢ ᠦᠵᠡᠭᠡᠳ ᠥᠪᠡᠷ ᠦ᠋ᠨ ᠪᠠᠶ᠋ᠢᠷᠢ ᠰᠠᠭᠤᠷᠢ ᠪᠠ ᠡᠷᠬᠡ ᠰᠥᠷ ᠬᠦᠨᠲᠦ ᠰᠦᠷᠲᠡᠭᠦᠯᠦᠯ ᠳᠤ ᠤᠴᠠᠷᠠᠭᠰᠠᠨ ᠊ᠢ ᠮᠡᠲᠡᠪᠡ ᠃
ᠰᠣᠲᠢᠪᠠᠯᠠ ᠂ ᠬᠠᠭᠠᠨ ᠪ ᠶᠡᠬᠡ ᠣᠷᠣ ᠳᠤ ᠰᠠᠭᠤᠭᠰᠠᠨ ᠪ ᠳᠠᠷᠠᠭᠠᠬᠢ ᠲᠦᠷᠦᠭᠦᠦ ᠨᠢᠭᠡ ᠠᠵᠢᠯ ᠪᠤᠯ ᠥᠪᠡᠷ ᠦ᠋ᠨ ᠳᠣᠲᠣᠨᠣ ᠨᠥᠬᠥᠷ ᠪᠠᠶ᠋ᠢᠵᠤ ᠶ᠋ᠢ ᠲᠥᠪ ᠪᠢᠴᠢᠭ᠌ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠶ᠋ᠢᠠᠷ ᠲᠣᠮᠢᠯᠠᠵᠤ ᠂ ᠲᠡᠮᠦᠲᠡᠷ ᠦ᠋ᠨ ᠡᠷᠬᠡ ᠰᠥᠷ ᠊ᠢ ᠬᠢᠵᠠᠭᠠᠷᠯᠠᠪᠠ ᠃ ᠪᠠᠶ᠋ᠢᠵᠤ ᠪᠣᠯ ᠮᠤᠬᠤᠯᠠᠢ ᠶ᠋ᠢᠨ ᠬᠣᠶ᠋ᠢᠴᠢᠰ ᠂ ᠬᠤᠪᠢᠯᠠᠢ ᠰᠡᠴᠡᠨ ᠬᠠᠭᠠᠨ ᠪ ᠦᠶ᠎ᠡ ᠳ᠋ᠡᠬᠢ ᠪᠠᠷᠠᠭᠤᠨ ᠭᠠᠷᠤᠨ ᠴᠢᠩᠰᠠᠩ ᠪᠠᠶ᠋ᠢᠬᠰᠠᠨ ᠠᠨᠲ᠋ᠦᠢ᠍ᠩ ᠦ᠋ᠨ ᠣᠮᠪᠣᠯᠣ ᠪᠣᠯᠤᠮᠤᠢ ᠃ ᠲᠡᠭᠦᠨ ᠪ ᠦᠨᠲᠦᠰᠦ ᠤᠭᠰᠠᠬ᠋ᠠ ᠬᠠᠲᠠᠭᠤ ᠪᠣᠯᠬᠣᠷ ᠲᠥᠷᠥ ᠳ᠋ᠡᠬᠢ ᠢᠲᠡᠭᠡᠯ ᠬᠦᠨᠲᠦ ᠮᠠᠰᠢ ᠥᠨᠲᠥᠷ ᠪᠠᠶ᠋ᠢᠪᠠ ᠃ ᠪᠠᠶ᠋ᠢᠵᠤ ᠲᠠᠪᠤᠨ ᠨᠠᠰᠤᠲᠠᠢ ᠪᠠᠶ᠋ᠢᠬᠤ ᠳᠤ ᠡᠴᠢᠭᠡ ᠡᠬᠡ ᠨᠢ ᠥᠩᠭᠡᠷᠡᠵᠦ ᠡᠮᠡᠭᠡ ᠶ᠋ᠢᠨ ᠶ᠋ᠢᠡᠨ ᠭᠠᠷ ᠳᠡᠭᠡᠷ᠎ᠡ ᠦᠰᠴᠤ ᠪᠤᠶ᠋ᠢᠵᠢᠬᠰᠠᠨ ᠪᠥᠯᠥᠭᠡ ᠃ ᠬᠠᠶ᠋ᠢᠱᠠᠨ ᠬᠥᠯᠦᠭ ᠬᠠᠭᠠᠨ ᠪ ᡁᠢ ᠳ᠋ᠠ ᠶ᠋ᠢᠨ ᠬᠣᠶᠠᠲᠤᠭᠠᠷ ᠣᠨ (1309 ᠤᠨ ) ᠳᠤ ᠣᠷᠲᠣᠨ ᠪ ᠳᠣᠲᠣᠷᠠᠬᠢ ᠬᠡᠰᠢᠭ ᠦ᠋ᠨ ᠨᠣᠶᠠᠨ ᠪ ᠲᠤᠰᠢᠶᠠᠯ ᠊ᠢ ᠵᠠᠯᠭᠠᠮᠵᠢᠯᠠᠪᠠ ᠃ ᠠᠶᠤᠷᠪᠠᠷᠸᠠᠲᠠ ᠪᠤᠶᠠᠨᠲᠤ ᠬᠠᠭᠠᠨ ᠪ ᠦᠶ᠎ᠡ ᠳᠤ ᠪᠠᠶ᠋ᠢᠵᠤ ᠨᠢᠭᠡᠨᠲᠡ ᠳᠠᠶ᠋ᠢᠯᠬ᠋ᠠ ᠶᠣᠰᠣᠯᠠᠯ ᠦ᠋ᠨ ᠶᠠᠪᠤᠲᠠᠯ ᠦ᠋ᠨ ᠶᠠᠮᠤᠨ ᠪ ᠡᠷᠬᠢᠯᠡᠭᠰᠡᠨ ᠰᠠᠶ᠋ᠢᠳ ᠦ᠋ᠨ ᠴᠢᠬᠤᠯᠠ ᠲᠤᠰᠢᠶᠠᠯ ᠳᠤ ᠳᠡᠪᠰᠢᠵᠤ ᠡᠷᠲᠡ ᠡᠲᠤᠭᠡᠬᠢ ᠶᠣᠰᠣᠯᠠᠯ ᠬᠥᠭᠵᠢᠮ ᠂ ᠵᠠᠰᠠᠭ ᠬᠠᠤᠯᠢ ᠵᠢᠴᠢ ᠰᠠᠮᠠᠭᠤᠨ ᠊ᠢ ᠵᠠᠰᠠᠵᠤ ᠂ ᠣᠯᠵᠤ ᠠᠯᠲᠠᠬᠤ ᠶ᠋ᠢᠨ ᠶᠣᠰᠣᠨ ᠊ᠢ ᠶᠡᠬᠡᠲᠡ ᠠᠰᠠᠭᠤᠵᠤ ᠮᠡᠳᠡᠭᠰᠡᠨ ᠶ᠋ᠢᠡᠷ 《 ᠮᠣᠩᠭᠣᠯ ᠦ᠋ᠨ ᠡᠷᠲᠡᠮᠲᠡᠨ 》 ᠬᠡᠮᠡᠨ ᠠᠯᠲᠠᠷᠰᠢᠪᠠ ᠃
ᠰᠣᠲᠢᠪᠠᠯᠠ ᠪᠣᠯᠤᠨ ᠪᠠᠶ᠋ᠢᠵᠤ ᠶ᠋ᠢᠨ ᠨᠥᠬᠥᠷᠯᠡᠯ ᠨᠢ ᠠᠶᠤᠷᠪᠠᠷᠸᠠᠲᠠ ᠪᠤᠶᠠᠨᠲᠤ ᠬᠠᠭᠠᠨ ᠪ ᠦᠶ᠎ᠡ ᠡᠴᠡ ᠡᠬᠢᠯᠡᠭᠰᠡᠨ ᠶᠤᠮ ᠃ ᠰᠣᠲᠢᠪᠠᠯᠠ ᠬᠣᠩ ᠲᠠᠶ᠋ᠢᠽᠢ ᠡᠷᠭᠦᠮᠵᠢᠯᠡᠭᠳᠡᠬᠦ ᠦᠶ᠎ᠡ ᠳᠤ ᠪᠠᠶ᠋ᠢᠵᠤ ᠣᠷᠲᠣᠨ ᠪ ᠳᠣᠲᠣᠷᠠᠬᠢ ᠬᠡᠰᠢᠭ ᠦ᠋ᠨ ᠨᠣᠶᠠᠨ ᠪᠠᠶ᠋ᠢᠵᠠᠢ ᠃ ᠪᠠᠶ᠋ᠢᠵᠤ ᠂ ᠰᠣᠲᠢᠪᠠᠯᠠ ᠠ᠋ᠴᠠ ᠲᠠᠪᠤᠨ ᠨᠠᠰᠤ ᠠᠬ᠎ᠠ ᠂ ᠰᠣᠲᠢᠪᠠᠯᠠ ᠪᠣᠯ ᠪᠠᠶ᠋ᠢᠵᠤ ᠶ᠋ᠢᠨ ᠡᠷᠲᠡᠮ ᠴᠢᠲᠠᠪᠤᠷᠢ ᠶ᠋ᠢ ᠪᠠᠬᠠᠷᠠᠲᠠᠭ ᠃ ᠰᠣᠲᠢᠪᠠᠯᠠ ᠶᠡᠬᠡ ᠣᠷᠣ ᠰᠠᠭᠤᠬᠤ ᠦᠶ᠎ᠡ ᠳᠤ ᠲᠥᠷᠥᠯ ᠦ᠋ᠨ ᠨᠣᠶᠠᠳ ᠰᠠᠶ᠋ᠢᠳ ᠲᠦᠰᠢᠮᠡᠳ ᠭᠡᠭᠡᠨ ᠲᠤᠩᠭᠠᠯᠠᠭ ᠬᠠᠷᠰᠢ ( ᠳ᠋ᠠᠮᠢᠩ ᠳ᠋ᠢᠶᠠᠨ ) ᠳᠤ ᠴᠢᠭᠤᠯᠭᠠᠨ ᠪᠣᠯᠪᠠ ᠃ ᠪᠠᠶ᠋ᠢᠵᠤ ᠵᠠᠷᠯᠢᠬ ᠶ᠋ᠢᠠᠷ ᠪᠣᠭᠲᠠ ᠴᠢᠩᠭᠢᠰ ᠬᠠᠭᠠᠨ ᠪ ᠪᠢᠯᠢᠭ᠌ ᠰᠤᠷᠭᠠᠯ ᠊ᠢ ᠠᠯᠲᠠᠨ ᠬᠠᠭᠤᠷᠴᠠᠭ ᠠ᠋ᠴᠠ ᠭᠠᠷᠭᠠᠵᠤ ᠰᠦᠷ ᠵᠢᠪᠬᠤᠬ᠋ᠠ ᠲᠡᠭᠦᠯᠲᠡᠷ ᠶ᠋ᠢᠡᠷ ᠥᠨᠲᠥᠷ ᠳᠠᠭᠤᠨ ᠶ᠋ᠢᠠᠷ ᠤᠩᠰᠢᠬᠰᠠᠨᠠ ᠣᠯᠠᠨ ᠲᠦᠰᠢᠮᠡᠯ ᠮᠠᠰᠢ ᠭᠠᠶ᠋ᠢᠬᠠᠨ ᠨᠠᠮ ᠵᠢᠮ ᠠᠩᠬᠠᠷᠤᠨ ᠰᠣᠨᠣᠰᠴᠤᠬᠤᠢ ᠃ ᠰᠣᠲᠢᠪᠠᠯᠠ ᠪᠠᠷ ᠶᠡᠬᠡ ᠣᠷᠣ ᠶ᠋ᠢ ᠵᠠᠯᠭᠠᠮᠵᠢᠯᠠᠭᠰᠠᠨ ᠠ᠋ᠴᠠ ᠠᠪᠤᠭᠠᠳ ᠪᠠᠶ᠋ᠢᠵᠤ ᠶ᠋ᠢ ᠬᠦᠨᠲᠦᠤᠠᠬᠡᠨ ᠬᠡᠷᠡᠭᠯᠡᠵᠦ ᠠᠯᠢᠪᠠ ᠦᠢᠯᠡ ᠳᠤ ᠪᠦᠷ ᠤᠷᠢᠲᠠᠪᠡᠷ ᠲᠡᠭᠦᠨ ᠪ ᠰᠠᠨᠠᠯ ᠊ᠢ ᠰᠣᠨᠣᠰᠴᠤ ᠲᠡᠭᠦᠨ ᠪ ᠵᠣᠷᠢᠯᠲᠠ ᠶ᠋ᠢ ᠳᠡᠮᠵᠢᠵᠦ ᠪᠠᠶ᠋ᠢᠪᠠ ᠃ ᠡᠶ᠋ᠢᠨ ᠬᠦ ᠵᠠᠰᠠᠭ ᠲᠥᠷᠥ ᠳᠤ ᠭᠤᠷᠪᠠᠨ ᠲᠥᠷᠥ ᠶ᠋ᠢ ᠰᠥᠷ ᠶ᠋ᠢᠡᠷ ᠳᠠᠷᠤᠭᠰᠠᠨ ᠬᠤᠸᠠᠩ ᠲᠠᠶ᠋ᠢᠬᠡᠦ ᠳ᠋ᠠᠵᠢ ᠪᠣᠯᠤᠨ ᠲᠡᠭᠦᠨ ᠪ ᠭᠠᠷ ᠬᠥᠯ ᠪᠣᠯᠤᠭᠴᠢ ᠲᠡᠮᠤᠲᠡᠷ ᠵᠡᠷᠭᠡ ᠬᠥᠮᠦᠰ ᠶ᠋ᠢᠡᠷ ᠪᠦᠷᠢᠯᠳᠦᠭᠰᠡᠨ ᠶᠡᠬᠡ ᠬᠠᠭᠠᠨ ᠊ᠢ ᠡᠰᠡᠷᠭᠦᠴᠡᠭᠴᠢ ᠪᠥᠯᠥᠭ ᠬᠢᠭᠡᠳ ᠨᠠᠰᠤ ᠵᠠᠯᠠᠭᠤ ᠣᠮᠣᠭ ᠵᠣᠷᠢᠬ ᠲᠠᠢ ᠰᠣᠲᠢᠪᠠᠯᠠ ᠭᠡᠭᠡᠨ ᠬᠠᠭᠠᠨ ᠪᠣᠯᠤᠨ ᠲᠡᠭᠦᠨ ᠪ ᠢᠲᠡᠭᠡᠯᠲᠦ ᠨᠥᠬᠥᠷ ᠪᠠᠶ᠋ᠢᠵᠤ ᠨᠠᠷ ᠶ᠋ᠢᠠᠷ ᠪᠦᠷᠢᠯᠳᠦᠭᠰᠡᠨ ᠪᠢᠴᠢᠭ᠌ ᠦ᠋ᠨ ᠶᠣᠰᠣᠨ ᠶ᠋ᠢᠠᠷ ᠲᠥᠷᠥ ᠶ᠋ᠢ ᠵᠠᠰᠠᠭᠴᠢ ᠪᠥᠯᠥᠭ ᠦ᠋ᠨ ᠬᠣᠭᠣᠷᠣᠨᠲᠣ ᠶ᠋ᠢᠨ ᠵᠥᠷᠢᠴᠡᠯ ᠲᠡᠮᠡᠴᠡᠯ ᠡᠭᠦᠰᠴᠦ ᠬᠤᠷᠴᠠ ᠰᠢᠷᠦᠭᠦᠨ ᠶ᠋ᠢᠡᠷ ᠮᠥᠷᠭᠥᠯᠲᠦᠵᠦ ᠡᠬᠢᠯᠡᠪᠡ ᠃
ᡁᠢ ᡁᠢ ᠶ᠋ᠢᠨ ᠬᠣᠶᠠᠲᠤᠭᠠᠷ ᠣᠨ (1322 ᠣᠨ ) ᠪ ᠨᠠᠢ᠍ᠮᠠ ᠶᠢᠰᠦᠨ ᠰᠠᠷ᠎ᠠ ᠳᠤ ᠲᠡᠮᠤᠲᠡᠷ ᠪᠣᠯᠤᠨ ᠬᠤᠸᠠᠩ ᠲᠠᠶ᠋ᠢᠬᠡᠦ ᠳ᠋ᠠᠵᠢ ᠵᠠᠰᠠᠭ ᠲᠥᠷᠥ ᠶ᠋ᠢᠨ ᠪᠠᠶ᠋ᠢᠲᠠᠯ ᠊ᠢ ᠡᠵᠡᠮᠲᠡᠵᠦ ᠳᠡᠶ᠋ᠢᠯᠬᠦ ᠦᠭᠡᠢ ᠪᠣᠯᠬᠤ ᠳᠤ ᠪᠠᠨ ᠬᠣᠷᠣᠰᠴᠤ ᠵᠣᠪᠠᠭᠠᠳ ᠡᠪᠡᠤᠠᠴᠢᠨ ᠣᠯᠪᠠ ᠃ ᠳ᠋ᠠᠵᠢ ᠲᠡᠮᠦᠲᠡᠷ ᠲᠦ ᠥᠭᠦᠯᠡᠷᠦᠨ ᠄ 《 ᠪᠢ ᠥᠲᠡᠯᠦᠯ᠎ᠡ ᠂ ᠴᠢ ᠪᠠᠰᠠ ᠵᠣᠬᠢᠰ ᠊ᠢ ᠦᠵᠡᠨ ᠣᠷᠣ ᠡᠴᠠᠭᠠᠨ ᠵᠠᠶ᠋ᠢᠯᠠᠪᠠᠰᠤ ᠵᠣᠬᠢᠮᠤᠢ ᠃ ᠨᠢᠭᠡ ᠲᠥᠷᠥ ᠶ᠋ᠢᠨ ᠡᠵᠡᠨ ᠳᠤ ᠨᠢᠭᠡ ᠦᠶ᠎ᠡ ᠶ᠋ᠢᠨ ᠲᠦᠰᠢᠮᠡᠯ ᠭᠡᠳᠡᠭ ᠪᠢᠰᠢᠦ ? ᠴᠢ ᠪᠢᠲᠡᠭᠡᠢ ᠰᠠᠭᠰᠠᠭᠤ ᠪᠠᠯᠠᠮᠠᠳ ᠠᠭᠠᠰᠢᠯᠠᠵᠤ ᠥᠪᠡᠷᠦᠨ ᠰᠦᠯᠵᠢᠭᠰᠡᠨ ᠥᠭᠡᠰᠢ ᠲᠣᠣᠷ ᠲᠤᠷ ᠥᠪᠡᠷ ᠶ᠋ᠢᠡᠨ ᠤᠨᠠᠭᠠᠷᠠᠢ ! 》 ᠬᠡᠮᠡᠪᠡ ᠃ ᠲᠡᠮᠦᠲᠡᠷ ᠪᠠᠷ ᠬᠤᠸᠠᠩ ᠲᠠᠶ᠋ᠢᠬᠡᠦ ᠶ᠋ᠢᠨ ᠡᠨᠡ ᠠᠩᠬᠢ ᠥᠭᠦᠯᠡᠯ ᠊ᠢ ᠰᠣᠨᠣᠰᠤᠭᠠᠳ ᠣᠷᠣᠢ ᠤᠷᠤᠭᠤ ᠨᠢ ᠬᠦᠢᠲᠡᠨ ᠤᠰᠤ ᠴᠢᠤᠠᠬᠤᠭᠰᠠᠨ ᠮᠡᠲᠦ ᠰᠠᠨᠠᠭᠲᠠᠪᠠᠴᠤ ᠰᠡᠤᠠᠬᠢᠯ ᠳᠤ ᠪᠡᠨ ᠪᠢᠰᠢᠷᠡᠬᠦ ᠦᠭᠡᠢ ᠪᠠᠶ᠋ᠢᠵᠤᠬᠤᠢ ᠃ ᠲᠡᠷᠡ ᠪᠡᠷ ᠬᠤᠸᠠᠩ ᠲᠠᠶ᠋ᠢᠬᠡᠦ ᠡᠴᠡ ᠰᠠᠯᠵᠤ ᠭᠠᠷᠤᠭᠠᠳ ᠫᠢᠩ ᠵᠠᠩ ᠵᠸᠩᠱ᠌ᠢ ᠲᠦᠰᠢᠮᠡᠯ ᠬᠡᠷᠡᠶ᠋ᠢᠳ ᠂ ᠢᠦᠢ᠋ᠱ᠌ᠢ ᠳ᠋ᠠᠶ᠋ᠢᠹᠦ᠋ ᠲᠦᠰᠢᠮᠡᠯ ᠲᠣᠭᠲᠠᠬᠤ ᠂ ᠬᠤᠢ ᠵᠸᠩ ᠶᠤᠸᠠᠨ ᠶᠠᠮᠤᠨ ᠪ ᠰᠠᠶ᠋ᠢᠳ ᠰᠢᠷᠠᠮᠤ ᠲᠠᠨ ᠊ᠢ ᠡᠷᠢᠵᠦ ᠰᠤᠲᠢᠪᠠᠯᠠ ᠭᠡᠭᠡᠨ ᠬᠠᠭᠠᠨ ᠊ᠢ ᠵᠠᠶ᠋ᠢᠯᠠᠭᠤᠯᠬᠤ ᠠᠷᠬ᠋᠎ᠠ ᠵᠥᠪᠲᠡᠪᠡᠢ ᠃ ᠵᠠᠪᠰᠢᠶᠠᠨ ᠪᠤᠰᠤ ᠪᠠᠷ ᠡᠨᠡ ᠬᠡᠷᠡᠭ ᠨᠢ ᠢᠯᠡᠴᠢᠯᠡᠭᠳᠡᠭᠰᠡᠨᠡ ᠂ ᠪᠠᠶ᠋ᠢᠵᠤ ᠠᠶ᠋ᠢᠯᠠᠤᠠᠬᠠᠷᠤᠨ ᠄ 《 ᠡᠲᠡ ᠴᠥᠮ ᠡᠷᠬᠡ ᠶ᠋ᠢ ᠡᠵᠡᠷᠬᠡᠭᠡᠳ ᠵᠠᠰᠠᠭ ᠊ᠢ ᠰᠠᠮᠠᠭᠤᠷᠠᠭᠤᠯᠵᠤ ᠤᠲᠠᠪᠠᠢ ᠃ ᠡᠲᠦᠭᠡ ᠪᠠᠰᠠ ᠲᠩᠷᠢ ᠭᠠᠵᠠᠷ ᠊ᠢ ᠡᠪᠲᠡᠬᠦ ᠶᠡᠬᠡ ᠬᠡᠷᠡᠭ ᠊ᠢ ᠦᠳᠦᠭᠡᠭᠰᠡᠨ ᠪ ᠤᠴᠢᠷ᠎ᠠ ᠨᠠᠷᠢᠪᠴᠢᠯᠠᠨ ᠪᠠᠶ᠋ᠢᠴᠠᠭᠠᠵᠤ ᠰᠢᠭᠦᠰᠦᠭᠡᠢ 》 ᠬᠡᠮᠡᠬᠦᠢ ᠳ᠋ᠤᠷ ᠂ ᠰᠤᠲᠢᠪᠠᠯᠠ ᠭᠡᠭᠡᠨ ᠬᠠᠭᠠᠨ ᠵᠠᠷᠯᠢᠬ ᠪᠣᠯᠤᠷᠤᠨ ᠄ 《 ᠨᠠᠷᠢᠪᠴᠢᠯᠠᠬᠤ ᠶᠠᠭᠤᠨ ! ᠲᠡᠲᠡ ᠬᠡᠷᠪᠡ ᠲᠠᠢ ᠬᠤᠸᠠᠩ ᠲᠠᠶ᠋ᠢᠬᠡᠦ ᠶ᠋ᠢ ᠨᠥᠬᠥᠷ ᠲᠠᠲᠠᠪᠠᠰᠤ ᠴᠢ ᠪᠠᠰᠠ ᠶᠠᠭᠠᠬᠢᠮᠤᠢ ? 》 ᠬᠡᠮᠡᠭᠡᠳ ᠵᠠᠷᠯᠢᠬ ᠶ᠋ᠢᠠᠷ ᠬᠡᠷᠡᠶ᠋ᠢᠳ ᠂ ᠲᠣᠭᠲᠠᠬᠤ ᠂ ᠰᠢᠷᠠᠮᠤ ᠲᠠᠨ ᠊ᠢ ᠴᠠᠭᠠᠵᠠ ᠪᠠᠷ ᠭᠡᠰᠭᠡᠵᠦ ᠠᠯᠠᠭᠠᠳ ᠭᠡᠷ ᠊ᠢ ᠲᠡᠯᠡᠪᠡ ᠃
ᠡᠨᠡ ᠨᠢ ᠲᠠᠢ ᠬᠤᠸᠠᠩ ᠲᠠᠶ᠋ᠢᠬᠡᠦ ᠪᠣᠯᠤᠨ ᠲᠡᠮᠦᠲᠡᠷ ᠦ᠋ᠨ ᠰᠥᠷᠭᠡᠦ ᠬᠦᠴᠦᠨ ᠳᠤ ᠬᠦᠴᠦᠲᠡᠢ ᠴᠣᠬᠢᠯᠲᠠ ᠥᠭᠴᠡᠢ ᠃ ᠲᠡᠮᠦᠲᠡᠷ ᠡᠨᠡ ᠤᠲᠠᠭᠠᠨ ᠪ ᠴᠣᠬᠢᠯᠲᠠ ᠠ᠋ᠴᠠ ᠪᠣᠯᠵᠤ ᠣᠷᠲᠣᠨ ᠳᠤ ᠪᠠᠨ ᠬᠣᠷᠭᠣᠲᠠᠨ ᠭᠠᠷᠴᠤ ᠢᠷᠡᠬᠦ ᠦᠭᠡᠢ ᠪᠣᠯᠪᠠ ᠃ ᠰᠡᠭᠦᠯᠡᠷ ᠨᠢ ᠪᠠᠶ᠋ᠢᠵᠤ ᠪᠠᠷ ᠹᠸᠡᠶᠠᠩ ᠦ᠋ᠨ ᠭᠠᠵᠠᠷ ᠬᠦᠷᠴᠦ ᠳᠡᠭᠡᠳᠦ ᠮᠤᠬᠤᠯᠠᠢ ᠶ᠋ᠢᠨ ᠭᠠᠪᠢᠶ᠎ᠠ ᠶ᠋ᠢ ᠲᠡᠮᠲᠡᠭᠯᠡᠭᠰᠡᠨ ᠰᠦᠮ᠎ᠡ ᠪᠠᠶ᠋ᠢᠭᠤᠯᠤᠨ ᠬᠥᠰᠢᠶ᠎ᠡ ᠪᠣᠰᠬᠠᠬᠤ ᠪᠠᠷ ᠣᠴᠢᠬᠰᠠᠨ ᠴᠢᠯᠥᠭᠡᠨ ᠳᠤ ᠲᠡᠮᠦᠲᠡᠷ ᠂ ᠰᠣᠲᠢᠪᠠᠯᠠ ᠭᠡᠭᠡᠨ ᠬᠠᠭᠠᠨ ᠳᠤ ᠪᠠᠷᠠᠯᠬᠠᠨ ᠪᠠᠶ᠋ᠢᠵᠤ ᠶ᠋ᠢ ᠮᠠᠭᠤᠤᠠᠬᠠᠵᠤ ᠬᠣᠪᠯᠠᠨ ᠬᠡᠯᠡᠬᠦ ᠭᠡᠰᠡᠨ ᠳᠤ ᠰᠣᠲᠢᠪᠠᠯᠠ ᠭᠡᠭᠡᠨ ᠬᠠᠭᠠᠨ ᠪᠠᠷ ᠬᠥᠮᠦᠨ ᠢᠯᠡᠭᠡᠵᠦ ᠲᠡᠭᠦᠨ ᠳᠤ ᠰᠠᠶ᠋ᠢᠨ ᠰᠠᠷᠬᠤᠳ ᠠ᠋ᠴᠠ ᠬᠦᠷᠭᠡᠵᠦ ᠵᠠᠷᠯᠢᠬ ᠪᠣᠯᠤᠭᠰᠠᠨ ᠠᠨᠤ ᠄ 《 ᠡᠪᠦᠭᠡᠨ ᠲᠦᠰᠢᠮᠡᠯ ᠨᠠᠰᠤᠨ ᠰᠡᠭᠦᠲᠡᠷ ᠥᠨᠲᠥᠷ ᠪᠣᠯᠤᠭᠰᠠᠨ ᠲᠤᠯᠠ ᠪᠡᠶ᠎ᠡ ᠶ᠋ᠢ ᠰᠤᠪᠢᠯᠠᠨ ᠣᠷᠲᠣᠨ ᠳ᠋ᠤᠷ ᠶ᠋ᠢᠠᠨ ᠰᠠᠭᠤᠭᠠᠷᠠᠢ ᠂ ᠰᠠᠷ᠎ᠠ ᠰᠢᠨ᠎ᠡ ᠶ᠋ᠢᠨ ᠪᠠᠶᠠᠷ ᠶ᠋ᠢᠠᠷ ᠵᠣᠯᠭᠠᠶ᠎ᠠ 》 ᠬᠡᠮᠡᠪᠡ ᠃ ᠲᠡᠮᠤᠲᠠᠷ ᠪᠠᠷ ᠰᠤᠲᠢᠪᠠᠯᠨ ᠭᠡᠭᠡᠨ ᠬᠠᠭᠠᠨ ᠠ᠋ᠴᠠ ᠨᠢᠭᠤᠷ ᠣᠯᠤᠭᠰᠠᠨ ᠦᠭᠡᠢ ᠳᠤ ᠪᠡᠨ ᠬᠣᠷᠣᠰᠴᠤ ᠪᠤᠬᠢᠨᠢᠲᠤᠭᠰᠠᠭᠠᠷ ᠡᠪᠡᠤᠠᠴᠢᠨ ᠢᠨᠦ ᠥᠭᠳᠡᠷᠡᠵᠦ ᠦᠬᠦᠪᠡ ᠃ ᠲᠠᠢ ᠬᠤᠸᠠᠩ ᠲᠠᠶ᠋ᠢᠬᠡᠦ ᠳ᠋ᠨᠵᠢ ᠪᠠᠰᠠ ᠲᠡᠮᠤᠲᠠᠷ ᠦ᠋ᠨ ᠦᠬᠦᠭᠰᠡᠨ ᠪᠠ ᠰᠤᠲᠢᠪᠠᠯᠨ ᠭᠡᠭᠡᠨ ᠬᠠᠭᠠᠨ ᠪᠠᠷ ᠪᠠᠶ᠋ᠢᠵᠤ ᠶ᠋ᠢ ᠢᠲᠡᠭᠡᠨ ᠬᠡᠷᠡᠭᠯᠡᠵᠦ ᠲᠡᠭᠦᠨ ᠡᠴᠡ ᠤᠯᠠᠮ ᠤᠯᠠᠮ ᠶ᠋ᠢᠠᠷ ᠵᠠᠶ᠋ᠢᠲᠠᠬᠤ ᠶ᠋ᠢ ᠦᠵᠡᠭᠡᠳ ᠮᠥᠨ ᠬᠣᠷᠣᠰᠴᠤ ᠵᠣᠪᠠᠭᠰᠠᠭᠠᠷ ᡁᠢ ᡁᠢ ᠶ᠋ᠢᠨ ᠬᠣᠶᠠᠲᠤᠭᠠᠷ ᠣᠨ (1322 ᠣᠨ ) ᠪ ᠶᠢᠰᠦᠲᠦᠭᠡᠷ ᠰᠠᠷ᠎ᠠ ᠳᠤ ᠰᠢᠩ ᠱᠸᠩ ᠭᠥᠩ ᠣᠷᠲᠣᠨ ᠳᠤ ᠪᠠᠨ ᠠᠮᠢ ᠶᠡᠭᠦᠤᠠᠴᠦᠭᠦᠢ ᠃
ᠳ᠋ᠨᠵᠢ ᠪᠣᠯᠤᠨ ᠲᠡᠮᠤᠲᠠᠷ ᠡᠨᠡ ᠬᠣᠶᠠᠷ ᠬᠥᠮᠦᠨ ᠪ ᠦᠬᠦᠭᠰᠡᠨ ᠨᠢ ᠰᠤᠲᠢᠪᠠᠯᠨ ᠭᠡᠭᠡᠨ ᠬᠠᠭᠠᠨ ᠊ᠢ ᠤᠯᠤᠰ ᠲᠥᠷᠥ ᠶ᠋ᠢᠨ ᠥᠭᠡᠷᠡᠴᠢᠯᠡᠯᠲᠡ ᠬᠢᠵᠦ ᠰᠢᠨ᠎ᠡ ᠵᠠᠰᠠᠭ ᠶᠠᠪᠤᠭᠤᠯᠬᠤ ᠪᠣᠯᠤᠯᠴᠠᠬ᠋ᠠ ᠲᠠᠢ ᠪᠣᠯᠭᠠᠵᠠᠢ ᠃ ᠲᠡᠷᠡ ᠪᠡᠷ ᠶᠠᠭᠤᠨ ᠪ ᠡᠮᠦᠨ᠎ᠡ ᠪᠠᠶ᠋ᠢᠵᠤ ᠶ᠋ᠢ ᠪᠠᠷᠠᠭᠤᠨ ᠭᠠᠷᠤᠨ ᠴᠢᠩᠰᠠᠩ ᠡᠷᠭᠦᠮᠵᠢᠯᠡᠵᠦ ᠵᠠᠷᠯᠢᠬ ᠪᠣᠯᠤᠷᠤᠨ ᠄ 《 ᠪᠢ ᠴᠢᠮ᠎ᠠ ᠶ᠋ᠢ ᠶᠡᠬᠡ ᠲᠤᠰᠢᠶᠠᠯ ᠳ᠋ᠤᠷ ᠲᠠᠯᠪᠢᠬᠤ ᠤᠴᠢᠷ ᠠᠨᠤ ᠂ ᠴᠢᠨᠦ ᠡᠯᠦᠨᠴᠡ ᠡᠪᠦᠭᠡ ᠮᠤᠬᠤᠯᠠᠢ ᠪᠠᠷ ᠪᠣᠭᠲᠠ ᠴᠢᠩᠭᠢᠰ ᠬᠠᠭᠠᠨ ᠳ᠋ᠤᠷ ᠲᠤᠰᠠᠯᠠᠵᠤ ᠲᠤᠯᠭᠤᠷ ᠲᠥᠷᠥ ᠶ᠋ᠢ ᠮᠠᠨᠲᠤᠭᠤᠯᠪᠠᠢ ᠃ ᠰᠠᠶ᠋ᠢᠳ ᠴᠢ ᠪᠡᠷ ᠡᠪᠦᠭᠡᠳ ᠦ᠋ᠨ ᠰᠠᠶ᠋ᠢᠨ ᠨᠡᠷ᠎ᠡ ᠶ᠋ᠢ ᠰᠠᠨᠠᠵᠤ ᠤᠯᠤᠰ ᠲᠥᠷᠥ ᠶ᠋ᠢᠨ ᠲᠥᠯᠥᠭᠡ ᠬᠠᠲᠠᠭᠤᠵᠢᠪᠠᠰᠤ ᠵᠣᠬᠢᠯᠲᠠᠢ 》 ᠬᠡᠮᠡᠭᠰᠡᠨ᠎ᠡ ᠪᠠᠶ᠋ᠢᠵᠤ ᠮᠥᠷᠭᠥᠵᠦ ᠠᠶ᠋ᠢᠯᠠᠤᠠᠬᠠᠷᠤᠨ ᠄ 《 ᠡᠲᠦᠭᠡ ᠰᠠᠶ᠋ᠢᠳ ᠨᠠᠮ᠎ᠠ ᠶ᠋ᠢ ᠶᠡᠬᠡ ᠤᠶ᠋ᠢᠯᠠ ᠳ᠋ᠤᠷ ᠲᠤᠰᠢᠶᠠᠭᠰᠠᠨ ᠠᠪᠠᠴᠤ ᠨᠠᠲᠤᠷ ᠪᠠᠰᠠ ᠭᠤᠷᠪᠠᠨ ᠠᠶᠤᠯ ᠪᠤᠢ ᠃ ᠡᠨᠡ ᠢᠨᠦ ᠡᠪᠦᠭᠡᠳ ᠦ᠋ᠨ ᠰᠠᠶ᠋ᠢᠨ ᠠᠯᠲᠠᠷ ᠊ᠢ ᠭᠤᠲᠤᠭᠠᠭᠤᠵᠠᠢ ; ᠳᠡᠯᠡᠬᠡᠢ ᠳ᠋ᠠᠬᠢᠨ ᠪ ᠤᠶ᠋ᠢᠯᠠ ᠬᠡᠷᠡᠭ ᠴᠠᠭᠯᠠᠰᠢ ᠦᠭᠡᠢ ᠣᠯᠠᠨ ᠪᠦᠬᠦᠢ ᠲᠤᠯᠠ ᠪᠦᠷᠢᠨ᠎ᠡ ᠵᠦᠢ ᠶ᠋ᠢ ᠢᠨᠦ ᠣᠯᠵᠤ ᠭᠦᠢᠴᠡᠤᠠᠬᠡᠨ ᠥᠯᠦ ᠮᠡᠲᠡᠭᠦᠵᠡᠢ ; ᠨᠠᠰᠤᠨ ᠪᠠᠬ᠋᠎ᠠ ᠡᠷᠲᠡᠮ ᠭᠦᠶᠤᠭᠡᠨ ᠳ᠋ᠤᠷ ᠲᠤᠰᠢᠶᠠᠭᠰᠠᠨ ᠤᠶ᠋ᠢᠯᠠ ᠬᠦᠨᠲᠦ ᠪᠥᠭᠡᠳ ᠪᠣᠭᠲᠠ ᠡᠵᠡᠨ ᠪ ᠬᠡᠲᠦᠷᠬᠡᠢ ᠬᠠᠶ᠋ᠢᠷᠠᠯᠠᠭᠰᠠᠨ ᠬᠡᠰᠢᠭ ᠊ᠢ ᠬᠠᠷᠢᠭᠤᠯᠠᠨ ᠥᠯᠦ ᠴᠢᠲᠠᠭᠤᠵᠠᠢ ᠬᠡᠮᠡᠨ ᠡᠮᠢᠶᠡᠮᠦᠢ ᠃ ᠭᠤᠶᠤᠬᠤ ᠠᠨᠤ ᠪᠣᠭᠲᠠ ᠡᠵᠡᠨ ᠮᠤᠩᠬᠠᠭ ᠨᠠᠮ᠎ᠠ ᠶ᠋ᠢ ᠥᠷᠥᠰᠢᠶᠡᠵᠦ ᠴᠠᠭ ᠦᠷᠭᠦᠯᠵᠢᠲᠡ ᠰᠤᠷᠭᠠᠬᠤ ᠠᠵᠢᠶᠠᠮᠤ 》 ᠬᠡᠮᠡᠪᠡ ᠃ ᠰᠤᠲᠢᠪᠠᠯᠨ ᠭᠡᠭᠡᠨ ᠬᠠᠭᠠᠨ ᠪᠠᠰᠠ ᠪᠠᠶ᠋ᠢᠵᠤ ᠠ᠋ᠴᠠ ᠠᠰᠠᠭᠤᠷᠤᠨ ᠄ 《 ᠡᠲᠦᠭᠡ ᠶᠡᠷᠦ ᠳᠠᠩ ᠤᠯᠤᠰ ᠦ᠋ᠨ ᠸᠧᠢ ᠵᠸᠩ ᠯᠤᠭᠡ ᠠᠲᠠᠯᠢ ᠬᠡᠲᠦᠷᠡᠬᠦᠢ ᠪᠡᠷ ᠬᠠᠲᠠᠭᠤᠲᠠᠨ ᠢᠤᠠᠬᠠᠨ ᠴᠢᠲᠠᠭᠴᠢ ᠬᠥᠮᠦᠨ ᠪᠤᠢ ᠪᠣᠯᠪᠠ ᠦᠦ ? 》 ᠬᠡᠮᠡᠬᠦᠢ ᠳ᠋ᠤᠷ ᠪᠠᠶ᠋ᠢᠵᠤ ᠠᠶ᠋ᠢᠯᠠᠤᠠᠬᠠᠷᠤᠨ ᠄ 《 ᠰᠠᠪᠠ ᠲᠥᠭᠥᠷᠢᠭ ᠪᠥᠭᠡᠰᠦ ᠳᠣᠲᠣᠷ᠎ᠠ ᠬᠢᠭᠰᠡᠨ ᠤᠰᠤᠨ ᠠᠨᠤ ᠲᠥᠭᠥᠷᠢᠭ ᠪᠠ ᠰᠠᠪᠠ ᠳᠥᠷᠪᠡᠯᠵᠢᠨ ᠪᠥᠭᠡᠰᠦ ᠤᠰᠤᠨ ᠠᠨᠤ ᠮᠥᠨ ᠬᠦ ᠳᠥᠷᠪᠡᠯᠵᠢᠨ ᠪᠣᠯᠬᠤ ᠮᠡᠲᠦ ᠃ ᠬᠡᠷᠪᠡ ᠳᠠᠩ ᠲᠠᠶ᠋ᠢᠽᠦᠢ᠍ᠩ ᠬᠠᠭᠠᠨ ᠪ ᠠᠲᠠᠯᠢ ᠰᠢᠷᠦᠭᠦᠨ ᠢᠤᠠᠬᠠᠯ ᠦ᠋ᠨ ᠦᠭᠡ ᠶ᠋ᠢ ᠵᠥᠪᠰᠢᠶᠡᠷᠡᠬᠦ ᠪᠡᠷ ᠪᠠᠭᠲᠠᠭᠠᠵᠤ ᠠᠪᠤᠨ ᠴᠢᠲᠠᠭᠴᠢ ᠬᠠᠭᠠᠨ ᠪᠤᠢ ᠪᠣᠯᠪᠠᠰᠤ ᠸᠧᠢ ᠵᠸᠩ ᠮᠡᠲᠦ ᠬᠠᠷᠢᠯ ᠦᠭᠡᠢ ᠬᠠᠲᠠᠭᠤᠲᠠᠨ ᠢᠤᠠᠬᠠᠨ ᠴᠢᠲᠠᠭᠴᠢ ᠲᠦᠰᠢᠮᠡᠯ ᠪᠤᠢ ᠪᠣᠯᠤᠶᠤ 》 ᠬᠡᠮᠡᠭᠰᠡᠨ ᠳ᠋ᠤᠷ ᠰᠤᠲᠢᠪᠠᠯᠨ ᠭᠡᠭᠡᠨ ᠬᠠᠭᠠᠨ ᠪᠠᠬᠠᠷᠬᠠᠨ ᠵᠥᠪᠰᠢᠶᠡᠷᠡᠵᠦ ᠮᠠᠰᠢ ᠰᠠᠶ᠋ᠢᠰᠢᠶᠠᠯᠤᠬ᠋ᠠ ᠃
ᠪᠠᠶ᠋ᠢᠵᠤ ᠪᠠᠷ ᠰᠤᠲᠢᠪᠠᠯᠨ ᠭᠡᠭᠡᠨ ᠬᠠᠭᠠᠨ ᠪ ᠰᠢᠨ᠎ᠡ ᠵᠠᠰᠠᠭ ᠊ᠢ ᠪᠦᠬᠦ ᠬᠦᠴᠦᠨ ᠶ᠋ᠢᠡᠷ ᠳᠠᠮᠵᠢᠨ ᠬᠡᠷᠡᠭᠵᠢᠭᠦᠯᠵᠦ ᠵᠠᠩ ᠭᠦᠢ ᠂ ᠢᠦᠢ ᠵᠢᠢ ᠵᠡᠷᠭᠡ ᠡᠷᠲᠡᠮᠲᠡᠨ ᠊ᠢ ᠬᠦᠨᠲᠦᠲᠡ ᠬᠡᠷᠡᠭᠯᠡᠬᠦ ᠶ᠋ᠢᠨ ᠬᠠᠮᠲᠤ ᠵᠠᠰᠠᠭ ᠊ᠢ ᠴᠡᠬ᠋ᠴᠡᠯᠡᠨ ᠢᠯᠡᠭᠦᠴᠡ ᠨᠣᠶᠠᠳ ᠊ᠢ ᠪᠠᠭᠤᠯᠭᠠᠵᠤ 《 ᠤᠯᠠᠬ᠋ᠠ ᠲᠡᠤᠠᠬᠦᠬᠦ ᠬᠠᠤᠯᠢ 》 ᠶᠠᠪᠤᠭᠤᠯᠵᠤ ᠬᠦᠴᠦᠨ ᠪ ᠠᠯᠪᠠ ᠲᠠᠲᠠᠪᠤᠷᠢ ᠶ᠋ᠢ ᠬᠥᠩᠭᠡᠯᠡᠵᠦ ᠂ 《 ᠲᠠᠶ᠋ᠢᠶᠤᠸᠠᠨ ᠤᠯᠤᠰ ᠦ᠋ᠨ ᠨᠡᠪᠲᠡᠷᠬᠡᠢ ᠬᠠᠤᠯᠢ ᠴᠠᠭᠠᠵᠠ ᠶ᠋ᠢᠨ ᠪᠢᠴᠢᠭ᠌ 》 ᠊ᠢ ᠨᠡᠶ᠋ᠢᠲᠡᠯᠡᠨ ᠬᠡᠷᠡᠭᠵᠢᠭᠦᠯᠪᠡ ᠃
ᠲᠡᠦᠬᠡᠨ ᠳᠡᠭᠡᠷᠡᠬᠢ ᠤᠯᠤᠰ ᠲᠥᠷᠥ ᠶ᠋ᠢᠨ ᠥᠭᠡᠷᠡᠴᠢᠯᠡᠯᠲᠡ ᠨᠢ ᠶᠡᠷᠦᠲᠡᠭᠡᠨ ᠨᠢᠭᠡ ᠪᠥᠯᠥᠭ ᠬᠥᠮᠦᠰ ᠦ᠋ᠨ ᠡᠷᠬᠡ ᠠᠰᠢᠬ ᠊ᠢ ᠬᠥᠨᠳᠡᠳᠡᠭ ᠠᠵᠤᠭᠤ ᠃ ᠰᠤᠲᠢᠪᠠᠯᠨ ᠭᠡᠭᠡᠨ ᠬᠠᠭᠠᠨ ᠪ ᠬᠡᠷᠡᠭᠵᠢᠭᠦᠯᠦᠭᠰᠡᠨ ᠰᠢᠨ᠎ᠡ ᠵᠠᠰᠠᠭ ᠨᠢ ᠮᠣᠩᠭᠣᠯ ᠦ᠋ᠨ ᠭᠡᠰᠡᠭ ᠢᠵᠠᠭᠤᠷᠲᠠᠨ ᠪᠣᠯᠤᠨ ᠰᠠᠷᠲᠠᠭᠤᠯ ᠤᠭᠰᠠᠭᠠᠨ ᠪ ᠨᠣᠶᠠᠳ ᠲᠦᠰᠢᠮᠡᠳ ᠦ᠋ᠨ ᠣᠨᠴᠠ ᠡᠷᠬᠡ ᠳᠤ ᠬᠣᠬᠢᠷᠠᠯ ᠤᠴᠠᠷᠠᠭᠤᠯᠪᠠ ᠃ ᠲᠠᠲᠠ ᠪᠣᠯ ᠯᠢᠦ ᠪᠢᠩ ᠵᠦᠩ ᠦ᠋ᠨ ᠬᠡᠯᠡᠭᠰᠡᠨ ᠶᠣᠰᠣᠲᠠᠢ 《 ᠥᠷᠥᠨ᠎ᠡ ᠶ᠋ᠢᠨ ᠬᠥᠮᠦᠨ 》 ᠮᠥᠨ ᠃ ᠡᠲᠡᠭᠡᠷ ᠬᠥᠮᠦᠰ ᠦ᠋ᠨ ᠵᠠᠯᠢᠬᠠᠢ ᠰᠢᠨᠤᠬᠠᠢ ᠠᠪᠯᠢᠭᠠᠴᠢ ᠦᠨᠡᠨ ᠲᠦᠷᠢ ᠶ᠋ᠢ ᠰᠤᠲᠢᠪᠠᠯᠨ ᠭᠡᠭᠡᠨ ᠬᠠᠭᠠᠨ ᠪᠣᠯᠤᠨ ᠪᠠᠶ᠋ᠢᠵᠤ ᠴᠢᠩᠰᠠᠩ ᠠᠯᠢ ᠬᠡᠲᠦᠶ᠋ᠢᠨ ᠣᠯᠵᠤ ᠬᠠᠷᠠᠭᠠᠳ ᠤᠯᠤᠰ ᠲᠥᠷᠥ ᠶ᠋ᠢᠨ ᠥᠭᠡᠷᠡᠴᠢᠯᠡᠯᠲᠡ ᠶ᠋ᠢᠨ ᠵᠢᠲᠠᠨ ᠦᠵᠦᠭᠦᠷ ᠶ᠋ᠢᠡᠨ ᠲᠡᠭᠦᠨ ᠳᠤ ᠴᠢᠭ᠌ᠯᠡᠭᠦᠯᠪᠡ ᠃
ᠰᠤᠲᠢᠪᠠᠯᠨ ᠭᠡᠭᠡᠨ ᠬᠠᠭᠠᠨ ᠪᠠᠷ ᠶᠠᠭᠤᠨ ᠪ ᠡᠮᠦᠨ᠎ᠡ ᠤᠯᠤᠰ ᠲᠥᠷᠥ ᠶ᠋ᠢᠨ ᠲᠠᠪᠴᠠᠩ ᠳᠤ ᠰᠢᠨ᠎ᠡ ᠵᠠᠰᠠᠭ ᠶᠠᠪᠤᠭᠤᠯᠬᠤ ᠶ᠋ᠢ ᠬᠠᠷᠰᠢᠯᠠᠭᠰᠠᠨ ᠲᠡᠮᠦᠲᠡᠷ ᠦ᠋ᠨ ᠦᠯᠡᠳᠡᠭᠳᠡᠯ ᠨᠠᠮᠲᠠᠨ ᠊ᠢ ᠴᠢᠩᠬ᠋᠎ᠠ ᠪᠠᠷ ᠰᠢᠢᠤᠠᠭᠡᠵᠦ ᠲᠡᠮᠦᠲᠡᠷ ᠦ᠋ᠨ ᠬᠥᠪᠡᠭᠦᠨ ᠪᠠᠷᠠᠬᠢᠰ ᠂ ᠵᠠᠰᠠᠭ ᠨᠡᠶ᠋ᠢᠲᠡᠯᠡᠬᠦ ᠶᠠᠮᠤᠨ ᠪ ᠲᠦᠰᠢᠮᠡᠯ ᠨᠠᠩᠭᠢᠶᠠᠲᠠᠢ ᠨᠠᠷ ᠊ᠢ ᠪᠠᠷᠢᠪᠴᠢᠯᠠᠨ ᠠᠯᠠᠪᠠ ᠃ ᠡᠭᠦᠨ ᠡᠴᠡ ᠪᠣᠯᠵᠤ ᠲᠡᠮᠦᠲᠡᠷ ᠦ᠋ᠨ ᠦᠯᠡᠳᠡᠭᠳᠡᠯ ᠨᠠᠮᠲᠠᠨ ᠶᠡᠬᠡᠲᠡ ᠰᠦᠷᠳᠡᠭᠳᠡᠨ ᠠᠯᠢ ᠮᠠᠭᠤ ᠠᠷᠬ᠋᠎ᠠ ᠶ᠋ᠢ ᠬᠤᠤᠪᠢᠯᠲᠤᠨ ᠡᠬᠢᠯᠡᠪᠡ ᠃
ᠲᠡᠲᠦᠢ ᠳ᠋ᠤᠷ ᠲᠡᠮᠦᠲᠡᠷ ᠦ᠋ᠨ ᠡᠷᠭᠦᠮᠡᠯ ᠬᠥᠪᠡᠭᠦᠨ ᠲᠡᠪᠰᠢ ᠬᠡᠮᠡᠭᠴᠢ ᠢᠣᠢᠢ᠍ᠱᠢ ᠳ᠋ᠠᠶ᠋ᠢᠹᠦ᠋ ᠲᠦᠰᠢᠮᠡᠯ ᠦ᠋ᠨ ᠲᠣᠰᠢᠶᠠᠯ ᠳᠤ ᠪᠠᠶ᠋ᠢᠬᠰᠠᠨ ᠪᠥᠭᠡᠳ ᠠᠰᠤᠳ ᠲᠣᠷᠭᠠᠨ ᠴᠡᠷᠢᠭ ᠦ᠋ᠨ ᠶᠡᠷᠦᠩᠬᠡᠢ ᠨᠣᠶᠠᠨ ᠪᠠᠶ᠋ᠢᠪᠠ ᠃ ᠲᠡᠭᠦᠨ ᠪ ᠡᠴᠢᠭᠡ ᠨᠢ ᠢᠬᠢᠷᠢᠰ ᠤᠪᠤᠬ ᠦ᠋ᠨ ᠴᠠᠩ ᠸᠠᠩ ᠠᠱᠢᠬ ᠬᠦᠷᠭᠡᠨ ᠪᠤᠶᠤ ᠃ ᠡᠬᠡ ᠨᠢ ᠲᠡᠮᠦᠷ ᠥᠯᠵᠡᠶ᠋ᠢᠲᠦ ᠬᠠᠭᠠᠨ ᠪ ᠥᠬᠢᠨ ᠴᠠᠩ ᠭᠦᠸᠸ ᠳ᠋ᠠ ᠵᠠᠩ ᠭᠦᠩᠵᠦ ᠠᠯᠢᠬᠠᠶᠡ ᠪᠤᠶᠤ ᠃ ᠲᠡᠭᠦᠨ ᠪ ᠥᠬᠢᠨ ᠳᠡᠭᠦᠦ ᠰᠦᠬᠡᠪᠠᠯᠠ ᠪᠣᠯᠪᠠᠰᠤ ᠰᠣᠲᠢᠪᠠᠯᠠ ᠭᠡᠭᠡᠨ ᠬᠠᠭᠠᠨ ᠪ ᠬᠠᠲᠤᠨ ᠪᠤᠶᠤ ᠃ ᠲᠡᠷᠡ ᠪᠡᠷ ᠤᠯᠤᠰ ᠦ᠋ᠨ ᠨᠠᠭᠠᠴᠤ ᠪᠣᠯᠤᠭᠰᠠᠨ ᠪ ᠬᠤᠪᠢ ᠪᠠᠷ ᠠᠶᠤᠷᠪᠠᠷᠸᠠᠲᠠ ᠪᠤᠶᠠᠨᠲᠤ ᠬᠠᠭᠠᠨ ᠪ ᠲᠥᠷᠥ ᠳᠤ ᠬᠠᠭᠠᠨ ᠪ ᠡᠨᠡᠷᠢᠯ ᠬᠡᠰᠢᠭ ᠊ᠢ ᠦᠯᠡᠮᠵᠢ ᠬᠦᠷᠲᠡᠵᠦ ᠲᠠᠢ ᠢ ᠶᠤᠸᠠᠨ ( ᠬᠠᠭᠠᠨ ᠪ ᠡᠮᠴᠢ ᠶ᠋ᠢ ᠵᠠᠬᠢᠷᠬᠤ ) ᠬᠦᠷᠢᠶᠡᠯᠡᠩ ᠦ᠋ᠨ ᠡᠷᠬᠢᠨ ᠰᠠᠶ᠋ᠢᠳ ᠦ᠋ᠨ ᠲᠣᠰᠢᠶᠠᠯ ᠊ᠢ ᠬᠠᠷᠢᠭᠤᠴᠠᠪᠠ ᠃ ᡁᠢ ᡁᠢ ᠶ᠋ᠢᠨ ᠲᠡᠷᠢᠭᠦᠨ ᠣᠨ (1321 ᠣᠨ ) ᠳᠤ ᠢᠣᠢᠢᠱᠢ ᠳ᠋ᠠᠶ᠋ᠢᠹᠦ᠋ ᠲᠦᠰᠢᠮᠡᠯ ᠡᠷᠭᠦᠮᠵᠢᠯᠡᠭᠳᠡᠭᠰᠡᠨ ᠪᠠ ᠠᠰᠤᠳ ᠲᠣᠷᠭᠠᠨ ᠴᠡᠷᠢᠭ ᠦ᠋ᠨ ᠶᠡᠷᠦᠩᠬᠡᠢ ᠨᠣᠶᠠᠨ ᠪ ᠲᠣᠰᠢᠶᠠᠯ ᠊ᠢ ᠬᠠᠪᠰᠤᠷᠭᠠᠪᠠ ᠃ ᠲᠡᠷᠡ ᠪᠡᠷ ᠠᠶᠤᠷᠪᠠᠷᠸᠠᠲᠠ ᠪᠤᠶᠠᠨᠲᠤ ᠬᠠᠭᠠᠨ ᠪ ᠲᠥᠷᠥ ᠳ᠋ᠡᠬᠢ ᠲᠥᠪ ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠲᠡᠮᠦᠲᠡᠷ ᠯᠤᠭᠡ ᠰᠦᠯᠪᠡᠭᠡᠯᠡᠨ ᠬᠡᠭᠡᠯᠢ ᠬᠠᠬᠤᠤᠯᠢ ᠳᠤ ᠰᠢᠨᠤᠬᠠᠶ᠋ᠢᠷᠠᠨ ᠠᠪᠯᠢᠭᠠᠯᠠᠪᠠ ᠃ ᠲᠡᠮᠦᠲᠡᠷ ᠦᠬᠦᠭᠰᠡᠨ ᠪ ᠬᠣᠶ᠋ᠢᠨ᠎ᠠ ᠰᠣᠲᠢᠪᠠᠯᠠ ᠭᠡᠭᠡᠨ ᠬᠠᠭᠠᠨ ᠪᠠᠷ ᠲᠡᠭᠦᠨ ᠪ ᠬᠥᠪᠡᠭᠦᠨ ᠪᠠᠷᠠᠬᠢᠰ ᠊ᠢ ᠠᠯᠠᠵᠤ ᠭᠡᠷ ᠬᠥᠷᠥᠩᠭᠡ ᠶ᠋ᠢ ᠲᠡᠯᠡᠪᠡ ᠃ ᠲᠡᠪᠰᠢ ᠶᠡᠬᠡᠲᠡ ᠠᠶᠤᠵᠤ ᠬᠡᠯᠮᠡᠭᠳᠡᠭᠡᠳ ᡁᠢ ᡁᠢ ᠶ᠋ᠢᠨ ᠭᠤᠷᠪᠠᠲᠤᠭᠠᠷ ᠣᠨ ᠪ ᠨᠠᠢ᠍ᠮᠠᠲᠤᠭᠠᠷ ᠰᠠᠷ᠎ᠠ ᠶ᠋ᠢᠨ ᠬᠣᠶᠠᠷ ᠦ᠋ᠨ ᠡᠲᠦᠷ ᠲᠥᠷᠥᠯ ᠦ᠋ᠨ ᠨᠣᠶᠠᠨ ᠥᠷᠥᠭᠲᠡᠮᠦᠷ ᠂ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠬᠠᠮᠲᠤ ᠮᠡᠳᠡᠭᠴᠢ ᠶᠢᠰᠦᠨᠲᠡᠮᠦᠷ ᠨᠠᠷ ᠯᠤᠬ᠋᠎ᠠ ᠬᠤᠤᠪᠢᠯᠲᠤᠵᠤ ᠲᠥᠷᠥ ᠶ᠋ᠢᠨ ᠬᠤᠪᠢᠰᠤᠯ ᠭᠠᠷᠭᠠᠵᠤ ᠤᠮᠠᠷᠠᠲᠤ ᠬᠢᠯᠢ ᠶ᠋ᠢ ᠰᠠᠬᠢᠨ ᠰᠠᠭᠤᠭᠰᠠᠨ ᠵᠢᠨ ᠸᠠᠩ ᠡᠰᠡᠨᠲᠡᠮᠦᠷ ᠊ᠢ ᠬᠦᠷᠢᠶᠡᠯᠡᠨ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠬᠤ ᠪᠠᠷ ᠡᠯᠴᠢᠨ ᠢᠯᠡᠭᠡᠪᠡ ᠃
ᠨᠠᠢ᠍ᠮᠠᠲᠤᠭᠠᠷ ᠰᠠᠷ᠎ᠠ ᠶ᠋ᠢᠨ ᠲᠠᠪᠤᠨ ᠪ ᠡᠲᠦᠷ ᠰᠣᠲᠢᠪᠠᠯᠠ ᠭᠡᠭᠡᠨ ᠬᠠᠭᠠᠨ ᠪᠠᠷ ᠱᠠᠩᠲᠤ ᠠ᠋ᠴᠠ ᠪᠠᠷᠠᠭᠤᠨ ᠡᠮᠦᠨ᠎ᠡ ᠬᠣᠷᠢᠨ ᠭᠠᠵᠠᠷ ᠵᠠᠶ᠋ᠢᠲᠠᠢ ᠪᠠᠶ᠋ᠢᠬ᠋᠎ᠠ ᠮᠣᠷᠢᠨ ᠡᠪᠴᠢᠭᠦᠦ ᠬᠡᠮᠡᠬᠦ ᠠᠶᠠᠨ ᠪ ᠣᠷᠲᠤᠨ ᠳᠤ ᠪᠠᠭᠤᠲᠠᠯᠯᠠᠪᠠ ᠃ ᠲᠤᠰ ᠡᠲᠦᠷ ᠦ᠋ᠨ ᠰᠥᠨᠢ ᠲᠡᠪᠰᠢ ᠪᠣᠯᠤᠨ ᠴᠢᠩᠲᠡᠮᠦᠷ ᠠᠰᠤᠳ ᠴᠡᠷᠢᠭ᠋ ᠊ᠢ ᠵᠠᠬᠢᠷᠴᠤ ᠬᠠᠭᠠᠨ ᠪ ᠠᠶᠠᠨ ᠪ ᠣᠷᠲᠤᠨ ᠊ᠢ ᠳᠦᠷᠪᠡᠨ ᠲᠠᠯ᠎ᠠ ᠠ᠋ᠴᠠ ᠪᠦᠰᠡᠯᠡᠨ ᠠᠪᠴᠤ ᠪᠠᠶ᠋ᠢᠵᠤ ᠶ᠋ᠢᠨ ᠬᠣᠨᠣᠭ ᠦ᠋ᠨ ᠭᠡᠷ ᠲᠤ ᠰᠢᠭᠤᠳ ᠳᠠᠭᠠᠷᠢᠨ ᠣᠷᠤᠭᠠᠳ ᠬᠢᠲᠤᠭᠠᠯᠠᠨ ᠠᠯᠠᠪᠠ ᠃ ᠲᠡᠪᠰᠢ ᠥᠪᠡᠷ ᠦ᠋ᠨ ᠭᠠᠷ ᠶ᠋ᠢᠠᠷ ᠰᠣᠲᠢᠪᠠᠯᠠ ᠭᠡᠭᠡᠨ ᠬᠠᠭᠠᠨ ᠊ᠢ ᠪᠠᠰᠠ ᠬᠣᠷᠣᠭᠠᠪᠠ ᠃ ᠰᠣᠲᠢᠪᠠᠯᠠ ᠭᠡᠭᠡᠨ ᠬᠠᠭᠠᠨ ᠬᠣᠷᠣᠭᠠᠭᠲᠠᠬᠤ ᠦᠶ᠎ᠡ ᠳᠤ ᠰᠠᠶᠢ ᠬᠣᠷᠢᠨ ᠨᠢᠭᠡᠨ ᠨᠠᠰᠤᠲᠠᠢ ᠪᠥᠯᠥᠭᠡ ᠃ ᠶᠡᠬᠡ ᠬᠠᠭᠠᠨ ᠪ ᠰᠠᠭᠤᠷᠢᠨ ᠳᠤ ᠭᠤᠷᠪᠠᠨ ᠵᠢᠯ ᠰᠠᠭᠤᠪᠠ ᠃ ᠲᠡᠦᠬᠡᠨ ᠪᠢᠴᠢᠭ᠌ ᠲᠦ ᠰᠣᠲᠢᠪᠠᠯᠠ ᠭᠡᠭᠡᠨ ᠬᠠᠭᠠᠨ ᠊ᠢ 《 ᠲᠥᠷᠥᠯᠬᠢ ᠡᠷᠡᠰ ᠲᠠᠰᠤ ᠭᠡᠭᠡᠨ ᠲᠣᠲᠣᠷᠬᠠᠢ ᠂ ᠲᠡᠶ᠋ᠢᠨ ᠬᠦ ᠵᠠᠯᠢᠬᠠᠢ ᠠᠷᠠᠳ ᠥᠪᠡᠷᠦᠨ ᠭᠡᠮ ᠡᠴᠡᠭᠡᠨ ᠠᠶᠤᠭᠰᠠᠭᠠᠷ ᠰᠠᠮᠠᠭᠤᠨ ᠵᠣᠪᠠᠯᠠᠩ ᠊ᠢ ᠡᠭᠦᠰᠭᠡᠭᠰᠡᠨ ᠢᠨᠤ ᠶᠠᠭᠤᠲᠠᠢ ᠬᠠᠶ᠋ᠢᠷᠠᠨ ! 》 ᠬᠡᠮᠡᠪᠡ ᠃
ᠦᠰᠦᠭ ᠠᠮᠢᠯᠠᠭᠤᠯᠠᠭᠴᠢ ᠄ ᠪᠤᠤ ᠿᠦᠩ ᠬᠤᠸᠠ ᠂ ᠥᠷᠯᠥᠭ᠂ ᠳ᠋ᠦᠩ ᠢᠦᠢ ᠯᠢᠩ ᠂ ᠰᠠᠷᠠᠨ᠎ᠠ ᠂ ᠡᠷᠳᠡᠨᠢ᠂ ᠪᠦᠷᠢᠨᠵᠢᠷᠭᠠᠯ
ᠬᠢᠨᠠᠭᠴᠢ ᠄ ᠮᠥᠴᠢᠷ
