ᠢᠩᠭᠡᠨ ᠤᠰᠤᠨ ᠤ ᠣᠪᠣᠭ᠎ᠠ – ᠰ ᠂ ᠫᠦᠷᠪᠦ Ингэн усны овоо – С ᠂ Пүрэв ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠩᠭᠡᠨ ᠤᠰᠤᠨ ᠤ ᠣᠪᠣᠭ᠎ᠠ – ᠰ ᠂ ᠫᠦᠷᠪᠦ Ингэн усны овоо – С ᠂ Пүрэв

ᠢᠩᠭᠡᠨ ᠤᠰᠤᠨ ᠤ ᠣᠪᠣᠭ᠎ᠠ – ᠰ ᠂ ᠫᠦᠷᠪᠦ Ингэн усны овоо – С ᠂ Пүрэв

2023-03-18

695

ᠢᠩᠭᠡᠨ ᠤᠰᠤᠨ ᠤ ᠣᠪᠣᠭ᠎ᠠ



                            〔 ᠮᠤᠩᠭᠤᠯ〕 ᠰ᠂  ᠫᠦᠷᠪᠦ

      ᠭᠠᠯ ᠰᠢᠷᠭᠠᠯ ᠲᠠᠯ᠎ᠠ ᠵᠢᠨ ᠳᠡᠭᠡᠭᠦᠷ ᠤᠰᠤᠨ ᠵᠡᠷᠭᠡᠯᠭᠡ ᠮᠢᠷᠠᠯᠵᠠᠵᠤ ᠲᠡᠮᠡᠭᠡ ᠮᠠᠯ ᠲᠡᠭᠷᠢ ᠵᠢᠨ ᠪᠠᠭᠠᠨ᠎ᠠ ᠭᠡᠯᠲᠡᠢ ᠰᠦᠷ ᠪᠠᠷ᠎ᠠ ᠲᠠᠢ᠃ ᠪᠢᠳᠠ ᠬᠡᠳᠦ ᠬᠠᠭᠤᠷᠮᠠᠴᠢ ᠲᠡᠷᠡ ᠵᠡᠷᠭᠡᠯᠭᠡᠨ ᠳᠦ ᠬᠣᠷᠭᠤᠮᠴᠢᠯᠠᠭᠤᠯᠤᠨ ( ᠬᠠᠭᠤᠷᠳᠠᠨ) ᠵᠠᠮ ᠭᠠᠵᠢᠵᠤ ᠵᠢᠯᠠᠭ᠎ᠠ ᠰᠤᠳᠠᠭ ᠢ ᠴᠤ᠌ ᠪᠣᠯ ᠠᠭᠤᠯᠠ ᠬᠠᠩᠭᠠᠢ ᠰᠢᠭ᠋ ᠰᠠᠨᠠᠵᠤ ᠮᠤᠩᠬᠢᠨᠠᠭᠰᠠᠭᠠᠷ ᠶᠠᠪᠤᠵᠤ ᠵᠣᠷᠢᠭ᠍ᠰᠠᠨ ᠭᠠᠵᠠᠷ ᠢᠶᠠᠨ ᠢᠷᠡᠯ᠎ᠡ᠃ ᠬᠢᠯᠢ ᠵᠢᠨ ᠴᠡᠷᠢᠭ ᠤᠨ ᠵᠠᠯᠠᠭᠤ ᠣᠹᠢᠼᠧᠷ ᠤᠨ ᠭᠡᠷᠭᠡᠢ ᡀᠮᠠᠴᠤᠤ ᠪᠦᠰᠡᠭᠦᠢ ᠮᠠᠰᠢᠨ ᠡᠴᠡ ᠪᠠᠨ ᠪᠠᠭᠤᠵᠤ ᠬᠤᠯᠤᠭᠤᠪᠴᠢᠯᠠᠨ( ᠬᠤᠯᠤᠭᠤᠪᠴᠢ– ᠴᠢᠬᠢᠪᠴᠢ) ᠪᠣᠭᠣᠭᠰᠠᠨ ᠴᠠᠰᠤ ᠴᠠᠭᠠᠨ ᠠᠯᠴᠢᠭᠤᠷ ᠵᠢᠡᠨ ᠵᠠᠰᠠᠨ ᠬᠤᠪᠴᠠᠰᠤᠨ ᠳᠤ ᠪᠠᠨ ᠰᠠᠭᠤᠭᠰᠠᠨ ᠨᠠᠷᠢᠨ ᠲᠣᠭᠣᠰᠣ ᠵᠢ ᠭᠦᠪᠢᠭᠡᠳ ᠲᠡᠷᠳᠡᠭᠡᠬᠢ ᠬᠡᠳᠤᠨ ᠰᠣᠨᠳᠤᠤᠯᠠ (ᠲᠣᠪᠣ )ᠤᠷᠤᠭᠤ ᠶᠠᠪᠤᠯ᠎ᠠ᠃ ᠠᠷᠭ᠎ᠠ ᠴᠤ᠌ ᠦᠭᠡᠢ ᠪᠢᠵᠡ ᠳ᠋ᠠ᠂ ᠡᠳᠦᠷᠵᠢᠨ ᠮᠠᠰᠢᠨ ᠤ ᠰᠠᠭᠤᠳᠠᠯ  ᠴᠢᠯᠡᠭᠡᠭᠰᠡᠨ ᠶᠤᠮ ᠴᠢᠨᠢ᠃

    ᠲᠠᠷᠠᠰᠤᠨ᠎ᠠ ᠨᠢᠭᠡ ᠲᠠᠷᠠᠴᠢᠬᠠᠭᠰᠠᠨ ᠭᠡᠰᠡᠭ ᠲᠡᠮᠡᠭᠡ ᠪᠢᠳᠠᠨ ᠤ ᠪᠠᠷ᠎ᠠ ᠪᠠᠷ ᠳᠠᠭᠤᠳᠠᠭᠰᠠᠨ ᠶᠤᠮ ᠰᠢᠭ᠋ ᠲᠠᠯ᠎ᠠ ᠲᠠᠯ᠎ᠠ ᠡᠴᠡ ᠪᠠᠨ ᠴᠤᠭᠯᠠᠭᠠᠳ ᠢᠷᠡᠪᠡ᠃ ᠡᠵᠡᠨ ᠦᠭᠡᠢ ᠭᠣᠪᠢ ᠵᠢᠨ ᠲᠡᠮᠡᠭᠡᠨ ᠤ ᠵᠠᠩ ᠡᠨᠡ᠃ ᠪᠤᠭᠤᠷᠤᠯ ᠬᠣᠰᠢᠭᠤ ᠨᠢ ᠰᠥᠯᠥᠨ (ᠰᠥᠯ ᠡᠪᠡᠰᠦ) ᠳᠦ ᠨᠤᠭᠤᠭᠠᠷᠠᠰᠬᠢᠨ ᠰᠡᠲᠡᠷᠬᠡᠢ ᠤᠷᠤᠭᠤᠯ ᠨᠢ ᠠᠷᠭᠠᠭᠰᠠᠨ( ᠬᠠᠭᠤᠷᠠᠢ ᠪᠣᠯᠬᠤ) ᠢ ᠬᠠᠷᠠᠬᠤ ᠳᠦ ᠬᠡᠳᠦ ᠬᠣᠨᠣᠭ ᠤᠰᠤ ᠭᠡᠭᠴᠢ ᠶᠠᠭᠤᠮᠠᠨ ᠳᠦ ᠬᠤᠵᠢᠷᠬᠠᠢ( ᠬᠥᠵᠡᠭᠡᠨ ᠤ ᠨᠤᠭᠤᠯᠪᠤᠷᠢ ᠵᠢᠨ ᠵᠤᠵᠠᠭᠠᠨ ᠭᠡᠰᠡᠭ) ᠲᠡᠪᠳᠥᠭᠡᠭᠡ ᠦᠭᠡᠢ ᠪᠣᠯᠣᠯᠲᠠᠢ᠃ ᠤᠭ ᠨᠢ ᠢᠩᠭᠡᠨ ᠤᠰᠤ ᠭᠡᠵᠦ ᠶᠡᠬᠡ ᠭᠣᠪᠢ ᠳᠤ ᠪᠠᠨ ᠳᠠᠯᠠᠢ ᠰᠢᠭ᠋ ᠴᠤᠤᠳᠠᠢ ᠰᠢᠪᠡᠨᠡᠭᠡ ᠪᠢᠴᠢᠬᠠᠨ ᠤᠰᠤ ᠵᠢᠯ ᠤᠨ ᠵᠢᠯ ᠳᠤ ᠠᠮᠢᠳᠤ ᠵᠢᠨ ᠤᠷᠤᠭᠤᠯ  ᠨᠣᠷᠭᠠᠵᠤ ᠪᠠᠢᠳᠠᠭ ᠰᠠᠨ᠃ ᠭᠡᠲᠡᠯ᠎ᠡ ᠡᠨᠡ ᠵᠢᠯ ᠭᠠᠵᠠᠷ ᠴᠢᠭᠢᠭᠯᠡᠬᠦ ᠶᠠᠭᠤᠮ᠎ᠠ ᠦᠭᠡᠢ ᠪᠣᠯᠣᠭᠰᠠᠨ ᠢ ᠪᠣᠳᠣᠬᠤ ᠳᠦ ᠨᠠᠭᠠᠰᠢ ᠪᠠᠨ ᠴᠢᠯᠠᠭᠤ ᠬᠠᠭᠠᠷᠠᠲᠠᠯ᠎ᠠ  ᠭᠠᠩᠳᠠᠭᠰᠠᠨ ᠪᠣᠯᠣᠯᠲᠠᠢ᠃ ᠡᠨᠡ ᠭᠠᠵᠠᠷ ᠣᠷᠣᠨ ᠢᠶᠠᠷ ᠪᠢᠰᠢᠭᠦᠢ ᠯᠠ ᠨᠢᠭᠡ ᠶᠠᠪᠤᠭᠰᠠᠨ ᠪᠢᠳᠠ ᠬᠠᠭᠤᠷᠠᠢ ᠵᠡᠷᠭᠡᠯᠭᠡᠨ ᠳᠤ ᠬᠠᠭᠤᠷᠳᠠᠵᠤ ᠵᠠᠮ ᠮᠤᠭᠠᠢᠴᠢᠯᠠᠵᠤ  ᠢᠷᠡᠭᠰᠡᠨ ᠢ ᠪᠣᠳᠣᠬᠤ ᠳᠦ ᠭᠠᠩᠬ᠋᠎ᠠ ᠵᠢᠨ ᠵᠡᠷᠭᠡᠯᠭᠡ ᠭᠡᠳᠡᠭ ᠪᠠᠷᠢᠴᠠ ᠪᠠᠭᠴᠠ ᠵᠢ ᠠᠯᠳᠠᠭᠤᠯᠳᠠᠭ  ᠪᠤᠯᠤᠯᠳᠠᠢ᠃

     ᠲᠡᠷᠡᠭᠥᠭᠡᠨ ᠲᠥᠩᠬᠡᠨ ᠤ ᠬᠥᠬᠡ ᠲᠡᠷᠡᠰᠥᠨ ᠳᠤᠮᠳᠠ ᠬᠠᠭᠤᠴᠢᠨ ᠬᠤᠳᠳᠤᠭ ᠪᠣᠢ᠃ ᠤᠰᠤ ᠲᠠᠲᠠᠷᠠᠵᠤ ᠭᠣᠪᠢ ᠭᠠᠩᠳᠠᠳᠠᠭ ᠢ ᠮᠡᠳᠡᠭᠥ ᠭᠡᠨ ᠨᠢᠭᠡᠨ ᠤᠬᠠᠭᠠᠨᠳᠠᠨ ᠬᠡᠵᠢᠶ᠎ᠡ ᠲᠡᠭᠦᠨ ᠢ ᠭᠠᠷᠭᠠᠭᠰᠠᠨ ᠢ ᠣᠳᠣ ᠬᠡᠨ ᠮᠡᠳᠡᠯ᠎ᠡ᠃ ᠪᠢᠳᠠ ᠬᠡᠳᠦ ᠰᠠᠷᠬᠢᠨᠠᠭ ᠨᠢ ᠬᠠᠳᠠᠭᠰᠠᠨ ᠲᠡᠷᠡ ᠬᠡᠳᠦᠨ ᠨᠢᠳᠥᠳᠥ᠍ ᠠᠮᠢᠲᠠᠨ ᠤ ᠭᠣᠣᠯ ᠨᠣᠷᠭᠠᠬᠤ᠂ ᠥᠪᠡᠷᠰᠡᠳ ᠵᠢᠡᠨ  ᠴᠤ᠌ ᠰᠡᠷᠢᠭᠥᠴᠡᠭᠥ ᠰᠠᠨᠠᠭᠠᠳᠠᠢ᠂ ᠠᠰᠬᠠᠷ(ᠮᠠᠯ ᠤᠰᠤᠯᠠᠬᠤ ᠤᠩᠭᠤᠴᠠᠨ ᠤ ᠭᠠᠳᠠᠭᠤᠷ ᠠᠰᠬᠠᠭᠠᠳ ᠲᠣᠨᠣᠭᠰᠠᠨ ᠱᠠᠯᠪᠠᠭ ᠤᠰᠤ) ᠤᠷᠤᠭᠤ ᠨᠢ ᠴᠢᠭᠢᠭᠲᠡᠢ ᠲᠡᠷᠡᠰᠥ᠍  ᠪᠦᠬᠦᠢᠭᠰᠡᠨ ᠴᠣᠬᠣᠮ ᠳᠦ ᠪᠠᠨ ᠠᠨᠢᠴᠢᠬᠠᠬᠤ ᠰᠢᠬᠠᠭᠰᠠᠨ ᠬᠤᠳᠳᠤᠭ ᠲᠡᠭᠡᠷ᠎ᠡ ᠢᠷᠡᠵᠦ ᠬᠣᠪᠣᠭᠣ ᠵᠢ ᠨᠢ ᠬᠠᠢᠯ᠎ᠠ᠃ ᠭᠣᠪᠢ ᠵᠢᠨ ᠬᠢᠨ ᠬᠣᠪᠣᠭᠣ ᠪᠡᠨ ᠬᠡᠵᠢᠶ᠎ᠡ ᠪᠣᠯᠪᠠᠴᠤ ᠬᠤᠳᠳᠤᠭ ᠤᠨ ᠵᠢᠡᠨ ᠠᠰᠬᠠᠷ ᠲᠡᠭᠡᠷ᠎ᠡ ᠢᠯᠡ ᠲᠠᠯᠪᠢᠵᠤ ᠣᠷᠬᠢᠳᠠᠭ ᠵᠠᠩᠰᠢᠯ ᠲᠠᠢ᠃ ᠭᠡᠳᠡᠯ᠎ᠡ ᠬᠣᠪᠣᠭᠣ ᠪᠠᠢᠬᠤ ᠦᠭᠡᠢ ᠨᠢ ᠶᠤᠰᠤᠳᠠᠢ ᠯᠠ ᠮᠤᠩᠭᠤᠯ ᠵᠢᠡᠨ ᠠᠯᠳᠠᠭᠰᠠᠨ  ᠰᠢᠭ᠋ ᠰᠠᠨᠠᠭᠳᠠᠵᠤ ᠪᠠᠴᠢᠮᠳᠠᠬᠤ ᠴᠤ᠌ ᠶᠤᠮ᠃ ᠵᠢᠯᠣᠭᠣᠴᠢ ᠮᠠᠨᠢ ᠤᠯᠠᠮ  ᠴᠤ᠌ ᠰᠢᠵᠠᠷᠠᠭᠤᠨ ᠵᠠᠩᠨᠠᠵᠤ᠄

  – ᠬᠣᠪᠣᠭᠣ ᠪᠡᠨ ᠭᠥᠷᠳᠡᠯ᠎ᠡ ᠨᠢᠭᠤᠴᠢᠬᠠᠳᠠᠭ᠁ ᠭᠣᠪᠢ ᠵᠢᠨ ᠬᠢᠨ  ᠴᠤ᠌ ᠭᠥᠮᠥᠨ ᠪᠢᠰᠢ ᠪᠣᠯᠵᠠᠢ᠃ ᠠᠯᠢ ᠪᠣᠢ ᠬᠠᠢᠵᠠᠭᠠᠶ᠎ᠠ᠃ ᠳᠡᠷᠡᠰᠦᠨ ᠲᠤᠲᠤᠷ᠎ᠠ ᠠᠪᠠᠴᠢᠭᠠᠳ ᠪᠤᠯᠠᠴᠢᠬᠠᠭᠰᠠᠨ ᠪᠠᠢᠭ᠎ᠠ  ᠭᠡᠭᠰᠡᠭᠡᠷ ᠨᠢᠷᠤᠭᠤ ᠪᠡᠨ ᠡᠭᠦᠷᠦᠭᠡᠳ  ᠠᠯᠬᠤᠴᠢᠬᠠᠯ᠎ᠠ᠃ ᠪᠢᠳᠠ ᠴᠤ᠌ ᠲᠠᠯ᠎ᠠ ᠲᠠᠯ᠎ᠠ ᠲᠡᠢᠰᠢ ᠪᠠᠨ ᠡᠷᠢᠯ  ᠳᠤ ᠮᠣᠷᠳᠠᠪᠠ᠃ ᠭᠡᠳᠡᠯ᠎ᠡ ᠶᠠᠭᠤ ᠪᠠᠢᠭᠰᠠᠨ ᠭᠡᠵᠦ ᠰᠠᠨᠠᠨ᠎ᠠ᠃ ᠨᠥᠭᠥᠭᠡ ᠮᠠᠭᠤ ᠰᠢᠷᠢᠨ ᠬᠣᠪᠣᠭᠣ ᠵᠢ ᠦᠨᠡᠭᠡ ᠴᠢᠨᠦ᠎ᠠ ᠴᠤ᠌ ᠶᠤᠮ ᠦᠦ᠂ ᠬᠠᠷᠠᠩᠭᠤᠳᠠᠭᠰᠠᠨ ᠨᠢᠭᠡ ᠠᠮᠢᠳᠠᠨ ᠬᠤᠳᠳᠤᠭ ᠤᠨ ᠲᠡᠷᠡᠭᠦᠭᠡᠨ ᠪᠠᠷᠠᠭᠤᠨ ᠭᠦᠯ ᠤᠷᠤᠭᠤ ᠴᠢᠷᠴᠤ ᠠᠪᠠᠴᠢᠭᠠᠳ ᠣᠭᠣᠰᠣᠷ ᠲᠡᠭᠡᠰᠥ᠍ ᠠᠮᠠᠨ ᠤ ᠲᠡᠮᠦᠷ ᠴᠠᠭᠠᠷᠢᠭ ᠡᠴᠡ ᠪᠤᠰᠤᠳ ᠢ ᠨᠢ ᠶᠠᠭᠤ ᠴᠤ᠌ ᠦᠭᠡᠢ ᠭᠤᠳᠤᠷᠠᠴᠢᠬᠠᠭᠰᠠᠨ ᠪᠠᠢᠳᠠᠭ ᠪᠠᠢᠨ᠎ᠠ᠃ ᠨᠢᠳᠤᠨ  ᠳᠦ ᠨᠢ ᠤᠰᠤᠨ ᠬᠦᠷᠢᠶ᠎ᠡ ᠲᠠᠳᠠᠭᠰᠠᠨ ᠮᠥᠨᠥᠬᠢ ᠬᠡᠳᠦᠨ ᠲᠡᠮᠡᠭᠡ ᠪᠢᠳᠠᠨ ᠤ ᠠᠯᠬᠤᠬᠤ ᠬᠢᠰᠬᠢᠭᠥ ᠵᠢ ᠳᠠᠭᠠᠭᠤᠯᠤᠨ ᠬᠠᠷᠠᠵᠤ ᠬᠣᠭᠣᠯᠠᠢ ᠪᠡᠨ ᠬᠥᠷᠲᠡᠯᠵᠡᠭᠥᠯᠥᠨ ᠭᠡᠢ ᠶᠠᠭᠤᠮ᠎ᠠ  ᠵᠠᠯᠭᠢᠬᠤ ᠨᠢ ᠦᠷᠥ᠍ ᠡᠪᠡᠳᠥᠯᠳᠡᠢ᠃

    ᡀᠮᠠᠴᠤᠤ ᠬᠤᠳᠳᠤᠭ ᠤᠨ ᠤᠩᠭᠤᠴᠠᠨ ᠤ ᠲᠡᠷ᠎ᠡ ᠬᠠᠪᠳᠠᠭᠠᠢ ᠭᠦᠭᠡ ᠴᠢᠯᠠᠭᠤᠨ ᠲᠡᠭᠡᠷ᠎ᠡ ᠵᠣᠭᠰᠣᠵᠤ ᠮᠤᠩᠬᠢᠨᠠᠵᠤ  ᠪᠣᠳᠣᠯᠢᠭ᠍ᠰᠠᠨ ᠪᠢᠳᠠᠨ ᠢ ᠲᠤᠭᠤᠬᠢ ᠲᠠᠢ ᠬᠠᠷᠠᠨ ᠶᠠᠮᠠᠷ  ᠴᠤ᠌ ᠭᠡᠮᠡᠷ ᠶᠤᠮ ᠪᠣᠢ ᠳ᠋ᠠ᠂ ᠨᠢᠭᠡ ᠯᠠ ᠨᠠᠮᠵᠤᠷᠳᠠᠢ ᠲᠡᠢᠪᠥᠩ ᠢᠨᠢᠶᠡᠳᠦ ᠪᠠᠷ ᠭᠡᠵᠢᠭᠡᠳᠡᠭᠥ( ᠡᠯᠡᠭᠡᠯᠡᠭᠥ )ᠨᠢ ᠡᠨᠡ ᠬᠠᠷ᠎ᠠ ᠬᠠᠯᠠᠭᠤᠨ ᠳᠦ ᠢᠯᠡᠭᠦᠴᠡ ᠰᠠᠨᠠᠭᠳᠠᠨ᠎ᠠ᠃ ᠭᠡᠯ᠎ᠡ ᠭᠡᠳ ᠬᠡᠨ ᠳᠤ ᠪᠠᠨ ᠴᠤ᠌ ᠴᠢᠬᠤᠯᠠ ᠲᠠᠢ ᠪᠢᠯᠡ᠂ ᠲᠡᠮᠡᠢ ᠯᠡ᠃

  –  ᠬᠤᠳᠠ ᠣᠷᠣᠵᠤ ᠤᠰᠤᠨ ᠳᠦ ᠣᠷᠣᠵᠤ ᠦᠰᠦ ᠪᠠᠨ ᠵᠠᠰᠠᠭᠤᠯᠤᠭᠠᠳ ᠨᠥᠭᠥᠷ ᠲᠦ ᠪᠠᠨ ᠣᠴᠢᠬᠤ ᠭᠡᠵᠦ ᠪᠠᠢᠭ᠎ᠠ ᠭᠥᠮᠥᠨ ᠴᠤ᠌ ᠥᠭᠡᠷ᠎ᠡ ᠶᠤᠮ ᠡ ᠭᠡᠵᠦ ᠪᠢ ᠲᠡᠭᠦᠨ ᠢᠶᠠᠷ ᠤᠷᠤᠯᠳᠤᠯ᠎ᠠ᠃  ᠡᠨᠡ ᠬᠢᠷᠢ ᠵᠢᠨ ᠦᠭᠡᠨ  ᠳᠤ  ᠴᠢᠬᠢ ᠨᠢ ᠠᠯᠳᠠ ᠪᠣᠯᠣᠭᠰᠠᠨ ᡀᠮᠠᠴᠤᠤ ᠰᠠᠯᠬᠢ ᠭᠥᠳᠡᠯᠵᠥ᠍ ᠲᠡᠷᠡᠰᠥ᠍ ᠪᠦᠭᠥᠯᠵᠡᠳᠡᠯ᠎ᠡ ᠢᠨᠢᠶᠡᠳᠦ ᠬᠠᠳᠠᠭᠠᠨ ᠠᠯᠴᠢᠭᠤᠷ ᠵᠢᠡᠨ ᠠᠪᠴᠤ  ᠡᠪᠦᠷᠲᠦᠯᠡᠭᠰᠡᠨ ᠵᠢᠡᠨ᠄

  – ᠨᠠᠳᠠ ᠪᠠᠷ ᠤᠷᠤᠯᠳᠤᠬᠤ ᠶᠠᠭᠠᠬᠢᠬᠤ ᠪᠣᠢ᠂ ᠨᠠᠭᠠᠳᠤ ᠬᠡᠳᠦᠨ ᠠᠮᠢᠳᠠᠨ ᠤ ᠪᠡᠨ ᠨᠢᠳᠦ ᠵᠢ ᠪᠢᠳᠡᠭᠡᠢ ᠪᠥᠯᠳᠡᠯᠵᠡᠭᠥᠯᠥᠭᠡᠳ ᠪᠠᠢ᠂ ᠲᠠ ᠨᠠᠷ ᠬᠤᠢᠳᠤ ᠨᠠᠰᠤᠨ  ᠳᠤ ᠪᠠᠨ ᠪᠠᠰᠠ ᠡᠨᠡ ᠬᠡᠳᠦ ᠰᠢᠭ ᠬᠤᠳᠳᠤᠭ  ᠰᠠᠬᠢᠭ᠍ᠰᠠᠨ ᠲᠡᠮᠡᠭᠡ ᠪᠣᠯᠵᠤ ᠲᠦᠷᠥᠭᠥ  ᠴᠤ᠌ ᠶᠤᠮ ᠪᠢᠯᠡ ᠦᠦ ᠭᠡᠰᠡᠨ ᠵᠢᠡᠨ ᠮᠠᠰᠢᠨ ᠤᠷᠤᠭᠤ ᠣᠴᠢᠵᠤ ᠡᠭᠦᠷᠭᠡᠪᠴᠢ ᠲᠡᠢ ᠨᠠᠷᠢᠨ ᠰᠢᠷᠢᠨ ᠶᠠᠭᠤᠮ᠎ᠠ ᠪᠡᠨ ᠪᠠᠭᠤᠯᠭᠠᠯ᠎ᠠ᠃ ᠠᠯᠴᠢᠭᠤᠷ ᠵᠢᠡᠨ ᠳᠡᠯᠭᠡᠵᠦ ᠳᠣᠲᠣᠷᠠᠬᠢ ᠵᠢ ᠨᠢ ᠠᠰᠬᠠᠭᠰᠠᠨ ᠵᠢᠡᠨ᠂ ᠡᠭᠦᠷᠭᠡᠪᠴᠢ  ᠪᠠᠨ ᠪᠢᠳᠠᠨ  ᠳᠤ  ᠥᠭᠴᠦ 

 – ᠠᠯᠢ ᠪᠣᠢ ᠡᠭᠦᠨ ᠢ ᠪᠥᠬᠡᠯᠡᠭᠡᠳ ᠤᠰᠤ ᠬᠣᠪᠣᠭᠣᠳᠠ ᠭᠡᠳᠡᠭ ᠪᠠᠢᠨ᠎ᠠ᠃ ᠬᠤᠳᠳᠤᠭ ᠤᠨ ᠭᠦᠢᠳᠡᠨ ᠪᠣᠷᠣ ᠤᠰᠤ ᠤᠩᠭᠤᠴᠠ ᠳᠠᠭᠠᠨ ᠵᠢᠷᠢᠯᠵᠡᠨ᠂ ᠮᠥᠨᠥᠬᠢ ᠬᠡᠳᠦᠨ ᠲᠡᠮᠡᠭᠡ ᠪᠤᠳᠤᠭᠤ ᠲᠣᠷᠤᠮ ᠨᠢ ᠬᠣᠰᠢᠭᠤᠷᠠᠵᠤ ᠲᠣᠮᠣᠴᠤᠤᠯ ᠨᠢ ᠤᠰᠤᠨ  ᠳᠤ ᠬᠣᠷᠣᠬᠠᠢᠰᠢᠪᠠᠴᠤ ᠰᠢᠯᠦᠰᠦ ᠪᠠᠨ ᠵᠠᠯᠭᠢᠨ ᠠᠷᠤ   ᠳᠤ ᠨᠢ  ᠲᠡᠭᠷᠢ ᠵᠢᠨ ᠬᠠᠶᠠᠭ᠎ᠠ  ᠰᠢᠷᠳᠡᠵᠦ ᠵᠣᠭᠰᠣᠬᠤ ᠨᠢ ᠤᠬᠠᠭᠠᠨᠳᠤ ᠠᠮᠢᠳᠠᠨ ᠤ ᠵᠠᠶᠠᠭ᠎ᠠ ᠭᠡᠯᠳᠡᠢ᠃ ᠡᠮᠥᠨᠡᠳᠥ᠍ ᠭᠠᠵᠠᠷ ᠤᠨ ᠮᠠᠵᠢᠩ ᠲᠠᠢ ᠡᠭᠦᠷᠭᠡᠪᠴᠢ ᠤᠳᠠᠵᠤ ᠲᠦᠳᠡᠯ ᠦᠭᠡᠢ ᠲᠠᠯ᠎ᠠ ᠲᠠᠯ᠎ᠠ ᠪᠠᠷ ᠵᠢᠡᠨ ᠤᠰᠤ ᠰᠠᠪᠢᠷᠠᠭᠤᠯᠤᠨ ᠪᠢᠳᠠ ᠬᠡᠳᠦ  ᠴᠤ᠌ ᠬᠠᠯᠠᠭᠤᠨ ᠨᠠᠷᠠᠨ  ᠳᠤ ᠬᠠᠷ᠎ᠠ ᠭᠦᠯᠥᠰᠥ᠍ ᠪᠠᠨ ᠰᠢᠪᠬᠠᠵᠤ ᠠᠯᠳᠠᠯ᠎ᠠ᠃ ᠪᠢ ᠨᠢᠭᠡᠨᠳᠡ ᠭᠦᠯᠥᠰᠥ᠍ ᠪᠠᠨ ᠬᠠᠨᠴᠤᠢ ᠪᠠᠷ ᠵᠢᠡᠨ ᠱᠤᠳᠤᠷᠤᠨ ᠠᠮᠢᠰᠬᠤᠯ ᠠᠭᠤᠵᠢᠯᠠᠵᠤ ᠵᠤᠭᠰᠠᠲᠠᠯ᠎ᠠ ᠡᠮᠦᠨ᠎ᠡ ᠲᠠᠯ᠎ᠠ ᠵᠢᠨ ᠪᠣᠷᠣ ᠭᠦᠳᠥᠯ ᠲᠡᠭᠡᠭᠥᠷ ᠨᠢᠭᠡ ᠶᠠᠪᠠᠭᠠᠨ ᠭᠥᠮᠥᠨ ᠲᠦᠳᠡᠯᠡᠵᠥ᠍ ᠠᠢᠰᠤᠢ᠃ ᠲᠡᠷᠡ ᠯᠠᠪ ᠬᠠᠷᠠᠭᠤᠯ ᠤᠨ ᠴᠡᠷᠢᠭ ᠪᠢᠰᠢ᠃ ᠶᠠᠭᠤ ᠴᠤ᠌ ᠠᠳᠤᠭᠠᠢ ᠡᠨᠡ ᠯᠡ ᠨᠤᠳᠤᠭ ᠤᠨ ᠭᠦᠮᠥᠨ᠃ ᠰᠣᠨᠢᠭᠤᠴᠢ ᠵᠠᠩ ᠲᠠᠢ ᠭᠣᠪᠢ ᠵᠢᠨ ᠬᠢᠨ ᠠᠶ᠎ᠠ ᠦᠭᠡᠢ ᠪᠣᠯ ᠲᠠᠮᠠᠬᠢ  ᠴᠦᠢᠳᠡᠩ  ᠠᠰᠠᠭᠤᠭ᠍ᠴᠢ ᠪᠣᠯᠬᠤ ᠪᠢᠵᠡ ᠭᠡᠵᠦ ᠪᠣᠳᠣᠲᠠᠯ᠎ᠠ᠂ ᠭᠦᠮᠥᠨ ᠪᠢᠰᠢ ᠡ᠃ ᠪᠣᠳᠣᠭᠠᠳ ᠪᠠᠢᠬᠤ ᠳᠦ ᠮᠦᠨᠥᠬᠢ ᠢᠩᠭᠡᠨ ᠤᠰᠤᠨ ᠤ ᠣᠪᠣᠭ᠎ᠠ᠁ ᠢᠴᠢᠵᠤ  ᠨᠡᠷᠡᠯᠬᠡᠭᠰᠡᠨ ᠪᠢ ᠰᠡᠭᠦᠳᠡᠷ ᠤᠷᠤᠭᠤ ᠪᠡᠨ ᠨᠢᠭᠤᠷ ᠪᠤᠷᠤᠭᠤᠯᠠᠯ᠎ᠠ᠃ ᠬᠣᠵᠢᠮ ᠨᠢ ᠮᠡᠳᠡᠭᠥᠨ᠎ᠡ ᠦᠩᠭᠢᠶᠡᠮᠥᠷ ᠭᠣᠪᠢ ᠵᠢᠨ ᠬᠢᠨ ᠶᠠᠪᠤᠭᠤᠯ ᠤᠨ ᠭᠦᠮᠥᠨ ᠤᠰᠤ ᠭᠥᠰᠡᠳᠡᠭ ᠭᠡᠵᠦ ᠪᠣᠰᠬᠠᠭᠰᠠᠨ ᠰᠡᠳᠬᠢᠯ ᠤᠨ ᠣᠪᠣᠭ᠎ᠠ ᠠᠵᠢ !

     ᠤᠰᠤᠨ  ᠳᠤ ᠬᠠᠨᠤᠭᠰᠠᠨ ᠲᠡᠮᠡᠭᠡᠳ ᠲᠦᠩᠬᠡ (ᠥᠯᠥᠨ ᠬᠢᠶᠠᠭ) ᠪᠠᠷ ᠵᠢᠡᠨ ᠳᠠᠷᠠᠪᠠ᠃ ᡀᠮᠠᠴᠤᠤ  ᠴᠤ᠌ ᠰᠠᠨᠠᠭ᠎ᠠ ᠨᠢ ᠠᠮᠤᠷᠪᠠ ᠪᠤᠯᠤᠯᠳᠠᠢ《 ᠪᠢᠳᠠ ᠬᠡᠳᠦ ᠪᠤᠶᠠᠨ ᠦᠢᠯᠡᠳᠦᠯ᠎ᠡ》 ᠭᠡᠵᠦ ᠪᠢᠯᠡ᠃ ᠲᠡᠨᠳᠡ ᠡᠴᠡ ᠪᠠᠨ ᠪᠢᠳᠠ ᠢᠩᠭᠡᠨ ᠤᠰᠤᠨ ᠤ ᠰᠤᠮᠤᠨ ᠢ ᠵᠣᠷᠢᠪᠠ᠃ ᠶᠠᠬᠡ ᠭᠣᠪᠢ ᠵᠢᠨ ᠲᠠᠷᠬᠠᠨ ᠣᠪᠣᠭ᠎ᠠ ᠬᠤᠯᠠ ᠣᠢᠷ᠎ᠠ ᠵᠢᠨ ᠭᠦᠮᠥᠨ  ᠳᠤ ᠪᠠᠷ᠎ᠠ ᠰᠦᠷ ᠵᠢᠡᠨ ᠭᠠᠢᠬᠠᠭᠤᠯᠤᠨ ᠵᠡᠷᠭᠡᠯᠭᠡᠨ ᠳᠤᠮᠳᠠ ᠲᠤᠷᠤᠯᠵᠠᠨ ᠬᠣᠴᠣᠷᠤᠯ᠎ᠠ᠃

     ᠢᠩᠭᠡᠨ ᠤᠰᠤᠨ ᠤ ᠣᠪᠣᠭ᠎ᠠ᠂ ᠭᠦᠮᠥᠨ ᠣᠪᠣᠭ᠎ᠠ ᠵᠢᠷᠭᠠᠵᠤ ᠯᠠ ᠰᠠᠭᠤ ᠳ᠋ᠠ᠃


          ᠦᠰᠦᠭ ᠠᠮᠢᠯᠠᠭᠤᠯᠤᠭᠰᠠᠨ ᠨᠢ᠄  ᠭᠡᠷᠡᠯᠴᠢᠮᠡᠭ
                ᠬᠢᠨᠠᠭ᠍ᠴᠢ᠄   ᠲᠤᠭ᠍ᠴᠢ  ᠰᠠᠷᠠᠨ᠎ᠠ