ᠰᠠᠢᠨ ᠢᠷᠡᠪᠡ ? ᠬᠠᠪᠤᠷ ᠡ- ᠪ · ᠪᠦᠷᠢᠨᠪᠡᠬᠢСайн ирэв Хавар өө-б · бүрнөвх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠢᠷᠡᠪᠡ ? ᠬᠠᠪᠤᠷ ᠡ- ᠪ · ᠪᠦᠷᠢᠨᠪᠡᠬᠢСайн ирэв Хавар өө-б · бүрнөвх

ᠰᠠᠢᠨ ᠢᠷᠡᠪᠡ ? ᠬᠠᠪᠤᠷ ᠡ- ᠪ · ᠪᠦᠷᠢᠨᠪᠡᠬᠢСайн ирэв Хавар өө-б · бүрнөвх

2023-03-18

328

ᠰᠠᠢᠨ ᠢᠷᠡᠪᠡ ? ᠬᠠᠪᠤᠷ ᠡ 

        · ᠪᠦᠷᠢᠨᠪᠡᠬᠢ

ᠰᠠᠢᠨ ᠢᠷᠡᠪᠡ  ? ᠬᠠᠪᠤᠷ ᠡ
ᠰᠣᠨᠢᠨ ᠴᠢᠮᠡᠭᠡ ᠶᠠᠭᠤ ᠪᠠᠢᠨ᠎ᠠ ?
ᠰᠠᠶ᠋ᠢᠵᠢᠷᠠᠵᠤ ᠪᠠᠶ᠋ᠢᠬ᠋᠎ᠠ ᠣᠷᠣᠨ ᠳᠤ ᠪᠠᠨ
ᠠᠪᠴᠢᠷᠠᠵᠤ ᠦᠭᠭᠦᠭᠰᠡᠨ ᠶᠠᠭᠤ ᠪᠠᠢᠨ᠎ᠠ ?

ᠬᠠᠯᠠᠭᠤᠨ ᠢᠯᠴᠢ ᠪᠡᠨ ᠯᠡ ᠠᠪᠴᠢᠷᠠᠭᠠᠳ
ᠬᠠᠮᠤᠭ ᠶᠠᠪᠤᠲᠠᠯ ᠶ᠋ᠢᠠᠨ ᠪᠠᠷᠠᠴᠢᠬᠠᠨ᠎ᠠ ‍ᠤᠤ  ?
ᠬᠠᠷ᠎ᠠ ᠬᠦᠢᠲᠡᠨ ᠊ᠢ ᠯᠡ ᠬᠥᠭᠡᠭᠡᠭᠡᠳ
ᠬᠠᠷᠢᠭᠤᠴᠠᠭᠰᠠᠨ ᠡᠭᠦᠷᠭᠡ ᠪᠡᠨ ᠭᠦᠢᠴᠡᠭᠡᠴᠢᠬᠡᠨ᠎ᠡ ‍ᠦᠦ  ?

ᠦᠭᠡᠢ᠂ ᠪᠢ ᠴᠢᠩᠭᠢᠬᠦ ᠦᠭᠡᠢ !
ᠥᠭᠡᠷ᠎ᠡ ᠪᠠᠰᠠ ᠶᠠᠪᠤᠲᠠᠯ ᠪᠤᠢ ᠃
ᠥᠩᠭᠡᠷᠡᠭᠰᠡᠨ ᠲᠡᠢ ᠠᠲᠠᠯᠢ ᠦᠭᠡᠢ
ᠡᠲᠦᠶ᠋ᠢᠬᠡᠨ ᠶ᠋ᠢᠡᠷ ᠲᠣᠭᠲᠠᠬᠤ ᠦᠭᠡᠢ ᠃

ᠬᠥᠬᠡ ᠲᠩᠷᠢ ᠶ᠋ᠢ ᠠᠷᠴᠢᠬᠰᠠᠭᠠᠷ
ᠬᠥᠪᠴᠢᠨ ᠳᠡᠯᠡᠬᠡᠢ ᠶ᠋ᠢ ᠥᠩᠭᠡᠯᠡᠭᠰᠡᠭᠡᠷ
ᠬᠥᠮᠦᠨ ᠪ ᠨᠢᠭᠤᠷ ᠊ᠢ ᠳᠤᠯᠠᠭᠠᠴᠠᠭᠤᠯᠤᠭᠰᠠᠭᠠᠷ
ᠬᠥᠯᠲᠡᠭᠦᠦ ᠮᠥᠰᠥ ᠶ᠋ᠢ ᠬᠠᠶ᠋ᠢᠯᠤᠭᠤᠯᠤᠭᠰᠠᠭᠠᠷ

ᠪᠤᠮᠪᠠᠨ ᠳᠤ ᠪᠠᠨ ᠬᠤᠷ᠎ᠠ ᠲᠠᠢ
ᠪᠣᠭᠴᠣᠨ ᠳᠤ ᠪᠠᠨ ᠦᠷ᠎ᠡ ᠲᠡᠢ
ᠪᠣᠭᠣᠲᠠᠯ ᠳᠤ ᠪᠠᠨ ᠬᠤᠸᠠᠷ ᠲᠠᠢ
ᠪᠤᠴᠠᠵᠤ ᠢᠷᠡᠯ᠎ᠡ ᠪᠢ ᠃

ᠬᠠᠰᠢᠶᠠᠨ ᠳᠤ ᠪᠠᠶ᠋ᠢᠬ᠋᠎ᠠ ᠨᠣᠭᠣᠬ᠋᠎ᠠ ᠶ᠋ᠢ ᠴᠢᠨᠢ
ᠬᠠᠩᠭᠠᠮ᠎ᠠ ᠬᠤᠷ᠎ᠠ ᠪᠠᠷ ᠤᠮᠲᠠᠯᠠᠶ᠎ᠠ ᠪᠢ ᠃
ᠬᠣᠵᠢᠭᠢᠷ ᠪᠣᠯᠤᠭᠰᠠᠨ ᠵᠤᠰᠠᠯᠠᠩ ᠳᠤ ᠴᠢᠨᠢ
ᠬᠤᠪᠢᠲᠤ ᠦᠷ᠎ᠡ ᠪᠡᠨ ᠰᠠᠴᠤᠶ᠎ᠠ ᠪᠢ ᠃

ᠮᠠᠯ ᠦ᠋ᠨ ᠪᠡᠯᠴᠢᠭᠡᠷ ᠡᠴᠡ ᠴᠢᠨᠢ ᠡᠬᠢᠯᠡᠭᠡᠳ
ᠮᠠᠰᠢᠨ ᠪ ᠦᠢᠯᠡᠤᠠᠪᠦᠷᠢ ᠳᠦ ᠴᠢᠨᠢ ᠬᠦᠷᠲᠡᠯ᠎ᠡ
ᠮᠠᠨᠲᠤᠵᠤ ᠪᠠᠶ᠋ᠢᠬ᠋᠎ᠠ ᠣᠷᠣᠨ ᠊ᠢ ᠴᠢᠨᠢ
ᠮᠠᠩᠨᠤᠭ ᠲᠣᠷᠬ᠋᠎ᠠ ᠪᠠᠷ ᠬᠤᠪᠴᠠᠯᠠᠶ᠎ᠠ᠃

ᠨᠠᠮᠤᠷ ᠦ᠋ᠨ ᠰᠠᠭᠤᠷᠢ ᠨᠢ ᠬᠠᠪᠤᠷ ᠲᠤ ᠭᠡᠵᠦ
ᠴᠢ ᠯᠠᠪ ᠰᠣᠨᠣᠰᠤᠭᠰᠠᠨ ᠪᠢᠵᠡ ?
ᠨᠠᠰᠤᠨ ᠪ ᠬᠢᠴᠢᠶᠡᠯ ᠨᠢ ᠵᠠᠯᠠᠭᠤ ᠳᠤ ᠭᠡᠵᠦ
ᠴᠢ ᠯᠠᠪ ᠳᠤᠭᠤᠯᠤᠭᠰᠠᠨ ᠪᠢᠵᠡ ?

ᠰᠡᠭᠦᠯ ᠦ᠋ᠨ ᠭᠤᠷᠪᠠᠨ ᠤᠯᠠᠷᠢᠯ ᠦ᠋ᠨ
ᠰᠠᠭᠤᠷᠢ ᠶ᠋ᠢ ᠬᠠᠪᠤᠷ ᠪᠢ ᠲᠠᠯᠪᠢᠲᠠᠭ ᠃
ᠰᠤᠨᠤᠮ᠎ᠠ ᠨᠢᠭᠡ ᠨᠠᠰᠤᠨ ᠪ
ᠰᠠᠭᠤᠷᠢ ᠶ᠋ᠢ ᠵᠠᠯᠠᠭᠤ ᠲᠠ ᠴᠣᠭᠴᠠᠯᠠᠲᠠᠭ ᠃

ᠥᠰᠴᠦ ᠲᠥᠷᠥᠭᠰᠡᠨ ᠣᠷᠣᠨ ᠪ ᠴᠢᠨᠢ
ᠥᠭᠡᠲᠡᠯᠡᠵᠦ ᠪᠠᠶ᠋ᠢᠬᠤ ᠶ᠋ᠢ ᠨᠢ ᠦᠵᠡᠪᠡᠯ
ᠡᠪᠦᠯ ᠨᠠᠮᠤᠷ ᠊ᠢ ᠢᠷᠡᠭᠦᠯᠦᠯ᠎ ᠦᠭᠡᠢ ᠪᠡᠷ
ᠡᠭᠦᠷᠢᠲᠡ ᠬᠠᠮᠲᠤ ᠪᠠᠶ᠋ᠢᠶ᠎ᠠ ᠭᠡᠵᠦ ᠪᠣᠲᠣᠨ᠎ᠠ ᠪᠢ !

ᠬᠠᠶ᠋ᠢᠷᠠᠲᠤ ᠳᠣᠲᠣᠨᠣ ᠬᠠᠪᠤᠷ ᠮᠢᠨᠢ
ᠬᠠᠷᠢᠨ ᠲᠡᠷᠡ ᠴᠢᠨᠢ ᠲᠠᠭᠠᠷᠠᠨ᠎ᠠ !
ᠬᠠᠷᠢᠭᠤᠴᠠᠭᠰᠠᠨ ᠡᠭᠦᠷᠭᠡᠨ ᠪ ᠴᠢᠨᠢ ᠠᠷᠪᠢᠨ ᠳᠤ ᠨᠢ ᠪᠢ
ᠬᠠᠴᠠᠷ ᠊ᠢ ᠴᠢᠨᠢ ᠨᠢᠭᠡ ᠦᠨᠦᠰᠦᠶ᠎ᠡ !


ᠦᠰᠦᠭ  ᠠᠮᠢᠯᠠᠭᠤᠯᠤᠭᠴᠢ ᠄ ᠣᠤᠠᠬᠠᠨᠰᠣ‌‍ᠠ᠋
ᠬᠢᠨᠠᠭᠴᠢ ᠄ ᠨᠠᠨᠲᠢᠨ
ᠢᠷᠡᠯᠲᠡ ᠄ ᠠᠯᠪᠠᠨ ᠵᠢᠷᠤᠮ ᠦ᠋ᠨ ᠰᠤᠷᠭᠠᠨ ᠬᠥᠮᠦᠵᠢᠯ ᠦ᠋ᠨ ᠬᠢᠴᠢᠶᠡᠯ ᠦ᠋ᠨ ᠪᠠᠷᠢᠮᠵᠢᠶ᠎ᠠ ᠶ᠋ᠢᠨ ᠰᠤᠷᠬᠤ ᠪᠢᠴᠢᠭ  ᠦ᠋ᠨ
           
ᠬᠡᠯᠡ ᠪᠢᠴᠢᠭ
ᠵᠢᠷᠭᠤᠲᠤᠭᠠᠷ ᠣᠨ (  ᠳᠡᠭᠡᠳᠦ)
ᠥᠪᠥᠷ ᠮᠣᠩᠭᠣᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ ᠃
ᠰᠢᠩᠬᠤᠸᠠ ᠨᠣᠮ ᠦ᠋ᠨ ᠳᠡᠯᠭᠡᠭᠦᠷ ᠲᠠᠷᠬᠠᠪᠠ ᠃
2010
ᠣᠨ ᠪ5 ᠎ ᠳᠤᠭᠠᠷ ᠰᠠᠷ᠎ᠠ ᠳᠤ ᠠᠩᠬ᠎ᠠ ᠤᠲᠠᠬ᠋᠎ᠠ ᠬᠡᠪᠯᠡᠪᠡ