ᠬᠠᠳᠠᠨ  ᠤ ᠵᠠᠶᠠᠭ᠎ᠠ - ᠷᠢ᠊ · ᠰᠠᠶ᠋ᠢᠨ Хадны заяа - Ри · Сайн ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠳᠠᠨ  ᠤ ᠵᠠᠶᠠᠭ᠎ᠠ - ᠷᠢ᠊ · ᠰᠠᠶ᠋ᠢᠨ Хадны заяа - Ри · Сайн

ᠬᠠᠳᠠᠨ  ᠤ ᠵᠠᠶᠠᠭ᠎ᠠ - ᠷᠢ᠊ · ᠰᠠᠶ᠋ᠢᠨ Хадны заяа - Ри · Сайн

2023-03-17

496

ᠬᠠᠳᠠᠨ  ᠤ ᠵᠠᠶᠠᠭ᠎ᠠ


                             ᠷᠢ᠊ · ᠰᠠᠶ᠋ᠢᠨ

   ᠰᠢᠪᠠᠷᠲᠠᠢ ᠶ᠋ᠢᠨ ᠭᠣᠣᠯ ᠶᠡᠬᠡ ᠰᠦᠮᠡᠲᠤ ᠶ᠋ᠢᠨ ᠵᠡᠭᠦᠨ ᠰᠤᠭᠤ ᠳ᠋ᠠᠬᠢ ᠬᠠᠷ᠎ᠠ ᠤᠰᠤᠨ ᠪᠤᠯᠠᠭ ᠪᠡ ᠲᠡᠭᠦᠨ ᠪ ᠪᠠᠷᠠᠭᠤᠨ ᠬᠣᠶ᠋ᠢᠨ᠎ᠠ ᠠ᠋ᠴᠠ ᠣᠷᠭᠢᠯᠤᠭᠰᠠᠨ ᠤᠯᠠᠭᠠᠨ ᠡᠷᠭᠢᠨ ᠪᠤᠯᠠᠭ ᠬᠣᠶᠠᠷ ᠠ᠋ᠴᠠ ᠡᠬᠢ ᠠᠪᠴᠤ ᠪᠤᠩᠬᠤᠨ ᠬᠠᠲᠠᠨ ᠪ ᠢᠷᠣᠭᠠᠷ ᠶ᠋ᠢᠠᠷ ᠡᠮᠦᠨᠡᠰᠢ ᠲᠣᠭᠣᠷᠢᠨ ᠂ ᠪᠠᠶ᠋ᠢᠴᠠ ᠶ᠋ᠢᠨ ᠬᠠᠲᠠᠨ ᠪ ᠪᠠᠷ᠎ᠠ ᠶ᠋ᠢ ᠨᠢᠭᠡ ᠬᠠᠷᠠᠭᠠᠳ ᠳᠠᠬᠢᠨ ᠬᠡᠷᠰᠡᠩ ᠦ᠋ᠨ ᠬᠣᠷᠮᠣᠢ ᠶ᠋ᠢ ᠡᠮᠵᠢᠨ ᠪᠠᠷᠠᠭᠤᠨᠰᠢ ᠮᠣᠷᠤᠶ᠋ᠢᠵᠤ ᠂ ᠠᠰᠬᠠᠨ ᠳᠠᠷᠬᠠᠨ ᠪ ᠪᠠᠨ ᠪᠠᠷ᠎ᠠ  ᠳᠤ ᠠᠰ  ᠪᠠᠷᠠᠭᠤᠨᠰᠢ ᠣᠮᠣᠭᠯᠠᠨ ᠲᠣᠭᠯᠠᠭᠰᠠᠭᠠᠷ ᠪᠤᠭᠤ ᠵᠢᠷᠦᠬᠡ ᠶ᠋ᠢᠨ ᠪᠠᠷᠠᠭᠤᠨ ᠰᠤᠭᠤᠨ  ᠳᠤ ᠴᠠᠭᠠᠨᠮᠦ᠋ᠷᠡᠨ  ᠲᠡᠢ ᠤᠷᠤᠰᠬᠠᠯ ᠨᠡᠶ᠋ᠢᠯᠡᠨ ᠶᠡᠬᠡ ᠤᠰᠤ ᠪᠠ ᠭᠠᠵᠠᠷ ᠦ᠋ᠨ ᠠᠶ᠎ᠠ ᠶ᠋ᠢ ᠲᠠᠭᠠᠭᠰᠠᠭᠠᠷ ᠠᠷᠬ᠋᠎ᠠ ᠦᠭᠡᠢ ᠵᠡᠭᠦᠨ ᠡᠮᠦᠨᠡᠰᠢ ᠣᠤᠠᠲᠠᠭ ᠪᠢᠯᠡ ᠃ ᠰᠢᠪᠠᠷᠲᠠᠢ ᠭᠣᠣᠯ ᠭᠣᠣᠯ ᠪᠦᠭᠦᠲᠡ ᠡᠴᠡ ᠡᠲᠡᠭᠡᠳ  ᠪᠠᠷᠠᠭᠤᠨᠰᠢ ᠪᠠᠨ ᠤᠷᠤᠰᠲᠠᠭ ᠪᠠᠷ ᠶ᠋ᠢᠠᠨ ᠣᠨᠴᠠᠯᠢᠬᠲᠠᠲᠠᠭ ᠪᠦᠬᠦᠨ ᠪᠠᠷᠤᠭ ᠲᠣᠬᠣᠢ ᠪᠣᠯᠭᠠᠨ  ᠳᠤ ᠨᠢ ᠬᠠᠲᠠ ᠲᠠᠢ ᠪᠠᠶ᠋ᠢᠲᠠᠭ ᠨᠢ ᠭᠠᠶ᠋ᠢᠬᠠᠯᠲᠠᠢ ᠃ ᠰᠢᠪᠠᠷᠲᠠᠢ ᠭᠣᠣᠯ ᠮᠢᠨᠢ ᠲᠡᠷᠡ ᠣᠯᠠᠨ ᠬᠠᠲᠠᠨ ᠪ ᠪᠠᠨ ᠰᠦᠷ ᠨᠥᠮᠥᠷᠢ  ᠳᠤ ᠡᠷᠬᠡᠯᠡᠨ ᠲᠤᠨᠢᠵᠤ ᠂ ᠲᠤᠭᠤᠶ᠋ᠢᠷᠠᠵᠤ ᠲᠣᠬᠤᠶ᠋ᠢᠷᠠᠨ ᠬᠡᠴᠢᠨᠡᠨ  ᠴᠤ᠌ ᠣᠨ ᠲᠠᠲᠠᠷᠠᠰᠢ ᠦᠭᠡᠢ ᠤᠷᠤᠰᠤᠭᠰᠠᠨ ᠊ᠢ ᠬᠡᠨ ᠮᠡᠲᠡᠬᠦ ᠠᠵᠢ ᠃
     ᠮᠢᠨᠦ ᠪᠠᠬ᠋᠎ᠠ ᠶ᠋ᠢᠨ ᠳᠤᠷᠠᠳᠬᠠᠯ  ᠳᠤ ᠨᠡᠭᠦᠵᠦ ᠪᠠᠭᠤᠬᠤ ᠂ ᠠᠶ᠋ᠢᠯᠴᠢᠯᠠᠵᠤ ᠵᠠᠮᠨᠠᠬᠤ ᠪᠦᠷᠢ ᠯᠡ ᠰᠢᠪᠠᠷᠲᠠᠢ ᠭᠣᠣᠯ ᠠ᠋ᠴᠠ ᠰᠠᠯᠲᠠᠭ ᠦᠭᠡᠢ ᠃ ᠡᠨᠡ ᠭᠣᠣᠯ ᠦ᠋ᠨ ᠬᠦᠪᠡᠭᠡ ᠶ᠋ᠢ ᠳᠠᠭᠠᠵᠤ ᠵᠡᠭᠦᠨᠰᠢ ᠪᠠᠷᠠᠭᠤᠨᠰᠢ ᠶᠠᠪᠤᠲᠠᠭ ᠪᠠᠶ᠋ᠢᠯ᠎ᠠ ᠃ ᠰᠢᠪᠠᠷᠲᠠᠢ ᠭᠣᠣᠯ ᠳᠠᠭᠠᠵᠤ ᠯᠠ ᠪᠠᠶ᠋ᠢᠪᠠᠯ ᠬᠠᠲᠠᠨ ᠠ᠋ᠴᠠ ᠰᠠᠯᠬᠤ ᠦᠭᠡᠢ ᠃ ᠣᠲᠣ ᠪᠣᠲᠣᠪᠠᠯ ᠶᠠᠯᠢᠬᠤ ᠦᠭᠡᠢ ᠭᠠᠵᠠᠷ ᠂ ᠶᠡᠬᠡᠲᠡᠬᠦ ᠳ᠋ᠡᠭᠡᠨ ᠲᠠᠪᠢ ᠵᠢᠷᠠᠨ ᠭᠠᠵᠠᠷ ᠯᠠ ᠳ᠋ᠠ ᠃ ᠭᠡᠲᠡᠯ᠎ᠡ ᠲᠡᠷᠡ ᠦᠶ᠎ᠡ  ᠳᠤ ᠤᠴᠢᠷ ᠦᠭᠡᠢ ᠬᠣᠯᠠ ᠰᠠᠨᠠᠭᠲᠠᠲᠠᠭ ᠶᠤᠮ ᠃ ᠨᠢᠭᠡ ᠬᠣᠶᠠᠷ ᠬᠣᠨᠣᠭ ᠦ᠋ᠨ ᠡᠮᠦᠨ᠎ᠡ ᠡᠴᠡ ᠬᠥᠯ ᠪᠣᠯᠤᠨ᠎ᠠ ᠃ 《 ᠬᠥᠭ ᠂ ᠴᠥᠬᠥ 》 ᠭᠡᠳ ᠦᠬᠡᠷ ᠲᠡᠷᠭᠡ ᠪᠡᠷ ᠭᠠᠷᠪᠠᠯ ᠪᠠᠰᠠ ᠬᠠᠭᠠᠰ ᠡᠲᠦᠷ ᠦ᠋ᠨ ᠠᠶᠠᠨ ᠰᠠᠨ ᠃ ᠵᠠᠮ ᠦ᠋ᠨ ᠳᠤᠮᠳᠠ ᠬᠠᠲᠠ ᠯᠠ ᠣᠯᠠᠨ  ᠬᠠᠷᠭᠤᠨ᠎ᠠ ᠃ ᠪᠢ ᠬᠠᠷᠠᠭᠰᠠᠨ ᠪᠣᠯᠭᠠᠨ ᠶ᠋ᠢᠠᠨ ᠠᠰᠠᠭᠤᠨ᠎ᠠ ᠃ ᠠᠶ᠋ᠢᠯ ᠠ᠋ᠴᠠ ᠭᠠᠷᠤᠭᠠᠳ ᠪᠠᠶ᠋ᠢᠴᠠ ᠶ᠋ᠢᠨ ᠬᠠᠲᠠᠨ ᠰᠤᠭᠤ ᠪᠠᠷ ᠪᠠᠷᠠᠭᠤᠨᠰᠢᠯᠠᠨ᠎ᠠ ᠃ ᠰᠢᠪᠠᠷᠲᠠᠢ ᠭᠣᠣᠯ ᠶ᠋ᠢᠠᠨ ᠭᠠᠲᠤᠯᠤᠨ᠎ᠠ ᠃ ᠤᠤᠯ ᠦ᠋ᠨ ᠸᠠᠩ ᠦ᠋ᠨ ᠣᠷᠲᠣᠨ ᠪ ᠣᠷᠣᠨ ᠳᠡᠭᠡᠷ᠎ᠡ ᠪᠠᠶ᠋ᠢᠭᠤᠯᠤᠭᠰᠠᠨ ᠨᠢᠭᠡᠲᠦᠯ ᠬᠦᠷᠦᠨ᠎ᠡ ᠃ ᠠᠪᠤ ᠮᠢᠨᠢ ᠵᠢᠷᠭᠠᠯᠠᠩᠲᠤ ᠬᠠᠲᠠ ᠡᠨᠡ ᠡᠮᠦᠨ᠎ᠡ ᠪᠠᠶ᠋ᠢᠬᠰᠠᠨ ᠶᠤᠮ ᠭᠡᠨ᠎ᠡ ᠃ ᠭᠡᠲᠡᠯ᠎ᠡ ᠪᠢ ᠣᠯᠵᠤ ᠬᠠᠷᠠᠬ᠋᠎ᠠ ᠦᠭᠡᠢ ᠂ ᠨᠠᠮ᠎ᠠ ᠶ᠋ᠢ ᠮᠡᠲᠡᠭᠡ ᠣᠷᠣᠬᠤ ᠠ᠋ᠴᠠ ᠡᠮᠦᠨ᠎ᠡ ᠠᠯᠠᠬ᠋᠎ᠠ ᠪᠣᠯᠴᠢᠬᠠᠵᠠᠢ ᠃ ᠭᠡᠰᠡᠷ ᠦ᠋ᠨ ᠳᠣᠮᠣᠭ ᠲᠠᠢ ᠬᠠᠲᠠ ᠂ ᠮᠥᠨᠴᠥ ᠰᠢᠪᠠᠷᠲᠠᠢ ᠭᠣᠣᠯ ᠦ᠋ᠨ ᠬᠥᠪᠡᠭᠡ ᠳᠠᠭᠠᠭᠰᠠᠨ ᠣᠯᠠᠨ ᠬᠠᠲᠠᠳ ᠦ᠋ᠨ ᠲᠣᠲᠤᠷ᠎ᠡ ᠤᠷᠢ ᠭᠠᠭᠴᠠ ᠡᠮᠦᠨ᠎ᠡ ᠡᠷᠬᠢ ᠳ᠋ᠤᠨᠢ ᠤᠷᠭᠤᠭᠰᠠᠨ ᠬᠠᠲᠠ ᠪᠠᠶ᠋ᠢᠵᠠᠢ ᠃ ᠪᠤᠰᠤᠳ ᠬᠠᠲᠠ ᠨᠢ ᠪᠦᠷ ᠯᠡ ᠭᠣᠣᠯ ᠦ᠋ᠨ ᠬᠣᠶ᠋ᠢᠲᠤ ᠡᠷᠭᠢᠨ ᠳᠤ ᠲᠤᠬᠠᠯᠠᠨ ᠂ ᠰᠢᠪᠠᠷᠲᠠᠢ ᠭᠣᠣᠯ ᠲᠡᠲᠡᠨ ᠪ ᠨᠢᠲᠦᠨ ᠳᠣᠣᠭᠤᠷ ᠤᠷᠤᠰᠤᠨ᠎ᠠ ᠃ ᠠᠯᠢ ᠬᠣᠵᠢᠮ ᠨᠢ ᠪᠢ ᠵᠢᠷᠭᠠᠯᠠᠩᠲᠤ ᠬᠠᠲᠠᠨ ᠪ ᠰᠠᠭᠤᠷᠢ ᠶ᠋ᠢ ᠨᠢ ᠣᠴᠢᠵᠤ  ᠦᠵᠡᠭᠰᠡᠨ ᠃ ᠡᠬᠡ ᠭᠠᠵᠠᠷ ᠦ᠋ᠨ ᠪᠠᠶᠠᠨ ᠠ᠋ᠴᠠ ᠶᠠᠭᠤ ᠨᠢᠭᠡ ᠡᠷᠬᠡᠲᠡᠨ ᠊ᠢ ᠨᠢ ᠲᠠᠰᠣᠲᠠᠭᠠᠳ ᠬᠠᠶᠠᠭᠰᠠᠨ ᠰᠢᠷᠬ᠎ᠠ  ᠰᠢᠭ᠋ ᠬᠠᠷᠠᠭᠲᠠᠵᠤ ᠂ ᠳᠠᠨᠳᠠ ᠠ᠋ᠴᠠ ᠪᠣᠷᠭᠢᠯᠠᠬᠤ ᠵᠢᠷᠭᠠᠯᠠᠩᠲᠤ ᠪᠤᠯᠠᠭ ᠨᠢᠯᠪᠤᠰᠤ ᠰᠢᠭ᠋ ᠰᠠᠨᠠᠭᠲᠠᠭᠰᠠᠨ ᠶᠤᠮ ᠰᠠᠨ ᠃
    ᠨᠢᠭᠡᠲᠦᠯ ᠥᠩᠭᠡᠷᠡᠪᠡᠯ ᠴᠠᠭᠠᠨ ᠳᠠᠪᠠᠬ᠋᠎ᠠ ᠲᠠᠢ ᠵᠠᠯᠭᠠᠯᠲᠤᠵᠤ ᠥᠯᠵᠡᠢ ᠬᠠᠲᠠ ᠪᠠᠶ᠋ᠢᠨ᠎ᠠ ᠃ ᠢᠷᠣᠭᠠᠷ ᠎ᠳ᠋ᠦ᠍ᠨᠢ ᠬᠡᠲᠦᠨ ᠱᠠᠩᠰᠢ ᠲᠠᠢ ᠃ ᠵᠠᠮ ᠥᠯᠵᠡᠢ ᠬᠠᠲᠠᠨ ᠠ᠋ᠴᠠ ᠵᠢᠭᠠᠬᠠᠨ ᠵᠠᠶ᠋ᠢᠲᠠᠭᠤ ᠥᠩᠭᠡᠷᠡᠨ᠎ᠡ ᠃ ᠪᠠᠰᠠ ᠵᠢᠭᠠᠬᠠᠨ ᠶᠠᠪᠤᠭᠠᠳ ᠥᠨᠲᠥᠷ ᠬᠠᠲᠠ ᠬᠦᠷᠦᠨ᠎ᠡ ᠃ ᠲᠡᠷᠭᠡ ᠶᠠᠭ ᠢᠷᠣᠭᠠᠷ ᠶ᠋ᠢᠠᠷ ᠨᠢ ᠬᠠᠲᠠ ᠪᠠ ᠭᠣᠣᠯ ᠦ᠋ᠨ ᠬᠣᠭᠣᠷᠣᠨᠲᠣᠭᠤᠷ ᠥᠩᠭᠡᠷᠡᠨ᠎ᠡ  ᠃ ᠥᠨᠲᠥᠷ ᠬᠠᠲᠠᠨ ᠪ ᠨᠢᠭᠡ  ᠭᠡᠰᠡᠭ ᠨᠢ ᠭᠣᠣᠯ ᠬᠠᠲᠠᠨ ᠠ᠋ᠴᠠ ᠪᠠᠨ ᠰᠠᠯᠵᠤ ᠂ ᠬᠤᠷᠤᠭᠤ  ᠰᠢᠭ᠋ ᠬᠣᠲᠣᠶ᠋ᠢᠵᠤ ᠂ ᠳᠡᠭᠡᠷ᠎ᠡ ᠡᠴᠡ ᠢᠪ ᠳᠠᠷᠤᠭᠠᠳ ᠤᠨᠠᠮᠠᠷ ᠬᠠᠵᠠᠶ᠋ᠢᠵᠤ ᠬᠠᠷᠠᠭᠲᠠᠨ᠎ᠠ ᠃ ᠲᠡᠭᠦᠨ ᠪ ᠳᠣᠣᠭᠤᠷ ᠭᠠᠷᠬᠤ ᠪᠦᠷᠢ ᠳ᠋ᠡᠭᠡᠨ ᠪᠢ ᠤᠨᠠᠴᠢᠬᠠᠬᠤ ᠪᠣᠯᠪᠠᠤ ᠭᠡᠵᠦ ᠪᠠᠶ᠋ᠢᠨ ᠪᠠᠶ᠋ᠢᠨ ᠳᠡᠭᠡᠭᠰᠢ ᠬᠠᠷᠠᠲᠠᠭ ᠪᠠᠶ᠋ᠢᠯ᠎ᠠ ᠃ ᠲᠣᠮᠣᠴᠤᠤᠯ ᠬᠡᠵᠢᠶᠡᠨ ᠪ ᠡᠶ᠋ᠢᠮᠦ ᠬᠠᠵᠠᠭᠠᠢ ᠶᠤᠮ ᠭᠡᠰᠡᠨ ᠳ᠋ᠡᠭᠡᠨ ᠲᠣᠭᠣᠬᠤ ᠴᠤ᠌ ᠦᠭᠡᠢ ᠂ ᠬᠡᠦᠬᠡᠳ ᠶ᠋ᠢᠡᠷ  ᠡᠯᠡᠭ ᠪᠠᠷᠢᠨ᠎ᠠ ᠂ ᠲᠡᠭᠦᠨ ᠪ ᠴᠠᠭᠠᠨ᠎ᠠ  ᠪᠤᠶᠠᠨ ᠮᠠᠮᠠ ᠶ᠋ᠢᠨ ᠨᠤᠲᠤᠭ ᠰᠡᠴᠢ ᠶ᠋ᠢᠨ ᠬᠠᠲᠠ ᠪᠠᠶ᠋ᠢᠲᠠᠭ ᠂ ᠮᠥᠨ ᠵᠠᠮ ᠠ᠋ᠴᠠ ᠵᠢᠭᠠᠬᠠᠨ ᠵᠠᠶ᠋ᠢᠲᠠᠭᠤ ᠂ ᠨᠠᠮᠬᠠᠨ ᠬᠠᠲᠠ ᠃ ᠪᠢ ᠲᠡᠷᠡ ᠬᠠᠲᠠ ᠶ᠋ᠢ ᠢᠯᠡᠭᠦᠦ ᠪᠠᠬᠠᠷᠬᠠᠳᠠᠭ ᠰᠠᠨ ᠃ ᠬᠡᠦᠬᠡᠳ ᠣᠷᠣᠢ ᠳ᠋ᠤᠨᠢ ᠭᠠᠷᠬᠤ  ᠳᠤ ᠠᠯᠵᠠᠬᠤ ᠦᠭᠡᠢ   ᠂ ᠪᠠᠰᠠ ᠶᠡᠬᠡ ᠰᠦᠷ ᠪᠠᠷᠲᠠᠬ᠋᠎ᠠ ᠦᠭᠡᠢ ᠂ ᠲᠣᠭᠯᠠᠭᠠᠮ ᠦ᠋ᠨ ᠬᠠᠲᠠ  ᠰᠢᠭ᠋ ᠰᠠᠨᠠᠭᠲᠠᠵᠤ ᠂ ᠭᠡᠷ ᠦ᠋ᠨ ᠠᠷᠤ ᠳ᠋ᠠᠭᠠᠨ ᠳᠠᠶ᠋ᠢᠮᠦ ᠵᠢᠭᠠᠬᠠᠨ ᠬᠠᠲᠠ ᠲᠠᠢ ᠰᠠᠨ ᠪᠣᠯ ᠭᠡᠵᠦ  ᠬᠦᠰᠡᠳᠡᠭ ᠪᠢᠯᠡ ᠃ ᠴᠢᠨᠠᠭᠰᠢᠯᠠᠪᠠᠯ ᠴᠠᠭᠠᠨ ᠣᠪᠣᠬ᠋᠎ᠠ ᠬᠦᠷᠬᠦ  ᠳᠤ ᠮᠣᠭᠠᠶ᠋ᠢᠲᠤ  ᠬᠠᠳᠠ ᠪᠠᠶ᠋ᠢᠨ᠎ᠠ ᠃  ᠡᠨᠡ ᠬᠠᠳᠠ ᠮᠥᠨ  ᠨᠠᠮᠬᠠᠨ  ᠂ ᠰᠠᠴᠢ ᠶ᠋ᠢᠨ  ᠬᠠᠳᠠᠨ ‍ᠤ ᠪᠠᠨ ᠠᠬ᠎ᠠ ᠨᠢ ᠭᠡᠮᠡᠷ ᠃  ᠭᠡᠬᠦ ᠳ᠋ᠡᠭᠡᠨ  ᠮᠣᠭᠠᠶ᠋ᠢᠲᠤ ᠬᠠᠲᠠᠨ  ᠳᠤ ᠮᠡᠩ ᠮᠣᠭᠠᠢ ᠪᠥᠲᠤᠵᠤ ᠪᠠᠶ᠋ᠢᠨ᠎ᠠ ᠭᠡᠵᠦ  ᠬᠡᠯᠴᠡᠳᠡᠭ ᠂ ᠭᠠᠵᠠᠷ ᠰᠢᠨᠵᠢᠭᠡᠴᠢᠳ ᠨᠡᠪᠲᠡ ᠬᠠᠷᠠᠲᠠᠭ ᠳᠤᠷᠠᠨ ᠶ᠋ᠢᠠᠷ ᠶ᠋ᠢᠠᠨ ᠦᠵᠡᠭᠡᠳ ᠂ ᠴᠠᠭ ᠨᠢ ᠪᠣᠯᠤᠬ᠋᠎ᠠ ᠦᠭᠡᠢ ᠂ ᠮᠡᠩ ᠨᠢ ᠨᠢᠯᠬ᠎ᠠ ᠪᠠᠶ᠋ᠢᠬᠰᠠᠭᠠᠷ ᠂ ᠬᠣᠵᠢᠮ ᠢᠷᠡᠵᠦ ᠠᠪᠠᠴᠢᠨ᠎ᠠ ᠭᠡᠳ ᠪᠤᠴᠠᠴᠢᠬᠠᠭᠰᠠᠨ ᠭᠡᠵᠦ ᠮᠠᠨ ᠪ ᠬᠢᠨ ᠬᠠᠭᠤᠴᠢᠯᠠᠲᠠᠭ ᠃ ᠲᠡᠷᠡ ᠬᠠᠲᠠᠨ ᠪ ᠣᠷᠴᠢᠨ  ᠳᠤ ᠵᠤᠨ ᠳ᠋ᠠᠭᠠᠨ ᠶᠡᠷᠦ ᠮᠣᠭᠠᠢ ᠣᠯᠠᠨ ᠲᠠᠢ ᠭᠡᠳᠡᠭ ᠪᠢᠯᠡ ᠃
    ᠪᠠᠰᠠ ᠵᠢᠭᠠᠬᠠᠨ ᠶᠠᠪᠤᠲᠠᠯ᠎ᠠ ᠪᠤᠲᠠᠨ ᠭᠠᠩᠬ᠋᠎ᠠ ᠬᠦᠷᠴᠦ ᠂ ᠮᠤᠬᠤᠷ ᠬᠠᠲᠠ ᠬᠠᠷᠠᠭᠲᠠᠨ᠎ᠠ ᠃ ᠮᠤᠬᠤᠷ ᠬᠠᠲᠠ ᠭᠡᠵᠦ ᠡᠮᠦᠨ᠎ᠡ ᠡᠴᠡ ᠨᠢ ᠬᠠᠷᠠᠬᠤ  ᠳᠤ ᠥ ᠦᠭᠡᠢ ᠰᠠᠶ᠋ᠢᠬᠠᠨ ᠪᠥᠮᠪᠥᠭᠡᠷ ᠬᠠᠲᠠ ᠲᠣᠪ ᠳᠤᠭᠤᠢ ᠪᠦᠮᠪᠦᠶ᠋ᠢᠨ᠎ᠡ ᠃ ᠮᠤᠬᠤᠷ ᠬᠠᠲᠠᠨ ᠪ ᠣᠷᠣᠢ  ᠳᠤ ᠲᠣᠭᠣᠲᠠᠭ  ᠥᠨᠳᠡᠭᠡᠯᠡᠳᠡᠭ᠃ ᠰᠠᠷᠠᠯᠠᠩ ᠶᠡᠬᠡ ᠭᠠᠷᠤᠨ᠎ᠠ ᠃ ᠲᠣᠭᠤᠲᠤᠰᠤ ᠪᠤᠶᠤ ᠭᠠᠵᠠᠷ ᠦ᠋ᠨ ᠪᠡᠲᠡᠬᠢ  ᠬᠡᠮᠡᠭᠴᠢ ᠵᠡᠷᠯᠢᠭ  ᠰᠠᠷᠢᠮᠰᠠᠭ ᠴᠤ᠌ ᠶᠡᠬᠡ ᠪᠤᠢ ᠃  ᠡᠩᠭᠡᠷ ᠲᠦ ᠨᠢ ᠭᠠᠭᠴᠠ ᠲᠣᠮᠣ ᠬᠠᠶ᠋ᠢᠯᠠᠰᠤ ᠲᠠᠢ ᠂ ᠰᠢᠪᠠᠭᠤ ᠱᠠᠭᠠᠵᠠᠭᠠᠢ ᠲᠠᠰᠤᠷᠠᠬᠤ ᠦᠭᠡᠢ ᠃
    ᠮᠤᠬᠤᠷ ᠬᠠᠲᠠᠨ ᠠ᠋ᠴᠠ ᠳᠡᠮᠡᠢ ᠶᠠᠪᠤᠬᠤ ᠦᠭᠡᠢ ᠰᠢᠪᠠᠷᠲᠠᠢ ᠭᠣᠣᠯ ‍ᠤᠨ ᠬᠦᠪᠡᠭᠡ ᠳᠠᠭᠠᠭᠰᠠᠨ ᠬᠠᠳᠠᠳ ‍ᠤᠨ ᠰᠡᠭᠦᠯᠴᠢ ᠭᠤᠷᠪᠠᠨ ᠬᠠᠳᠠ ᠵᠡᠷᠭᠡᠴᠡᠨ᠎ᠡ ᠃ ᠰᠠᠷᠠᠲᠤ ᠶ᠋ᠢᠨ ᠬᠠᠲᠠ ᠂ ᠳᠤᠮᠳᠠ ᠬᠠᠲᠠ ᠂ ᠪᠢᠴᠢᠬᠠᠨ ᠬᠠᠲᠠ ᠭᠡᠳᠡᠭ᠃ ᠡᠨᠡ ᠭᠤᠷᠪᠠᠨ ᠬᠠᠲᠠ ᠶᠡᠬᠡ ᠣᠶ᠋ᠢᠷ᠎ᠠ ᠵᠠᠯᠭᠠᠯᠲᠤᠵᠤ ᠪᠠᠶ᠋ᠢᠲᠠᠭ ᠃ ᠳᠤᠮᠳᠠ ᠬᠠᠲᠠ ᠨᠢ ᠬᠠᠮᠤᠭ ᠥᠨᠲᠥᠷ ᠮᠥᠷᠲᠡᠭᠡᠨ ᠪᠠᠷᠲᠠᠬ᠋᠎ᠠ ᠲᠠᠢ ᠃ ᠰᠠᠷᠠᠲᠤ ᠶ᠋ᠢᠨ ᠬᠠᠲᠠ ᠨᠢ ᠠᠷᠠᠢ ᠲᠠᠶ᠋ᠢᠪᠤᠭᠤ ᠳᠥᠯᠭᠡᠬᠡᠨ ᠂ ᠪᠢᠴᠢᠬᠠᠨ ᠬᠠᠲᠠ ᠬᠠᠮᠤᠭ ᠳᠣᠣᠷ᠎ᠠ ᠨᠢ ᠳᠡᠯᠳᠡᠶ᠋ᠢᠵᠦ ᠪᠠᠶ᠋ᠢᠲᠠᠭ ᠃ ᠰᠢᠪᠠᠷᠲᠠᠢ ᠦ᠋ᠨ ᠭᠣᠣᠯ ᠲᠡᠭᠡᠭᠡᠳ ᠬᠠᠲᠠᠳ ᠦ᠋ᠨ ᠶ᠋ᠢᠠᠨ ᠡᠩᠭᠡᠷ ᠬᠣᠷᠮᠣᠢ ᠠ᠋ᠴᠠ ᠠᠶᠠᠷᠯᠠᠨ ᠴᠠᠭᠠᠨᠮᠦ᠋ᠷᠡᠨ  ᠳᠤ ᠨᠡᠶ᠋ᠢᠯᠡᠨ᠎ᠡ᠃ ᠮᠢᠨᠦ ᠠᠶᠠᠨ ᠴᠤ᠌ ᠡᠨᠲᠡ ᠬᠦᠷᠦᠭᠡᠳ ᠪᠠᠭᠤᠬᠤ ᠪᠣᠯᠤᠨ᠎ᠠ ᠃ ᠤᠴᠢᠷ ᠨᠢ ᠡᠨᠲᠡᠬᠢ ᠪᠤᠭᠤ ᠵᠢᠷᠦᠬᠡ ᠶ᠋ᠢᠨ ᠠᠷᠤ ᠪᠣᠯ ᠡᠵᠢ ᠶ᠋ᠢᠨ ᠮᠢᠨᠢ ᠨᠤᠲᠤᠭ ᠶᠤᠮ ᠃
     ᠡᠲᠡᠭᠡᠷ ᠬᠠᠲᠠᠳ ᠨᠠᠲᠠ ᠲᠣᠩ ᠡᠭᠡᠯᠢᠲᠡᠢ ᠂  ᠨᠥᠮᠵᠥᠭ ᠲᠡᠢ ᠰᠠᠨᠠᠭᠲᠠᠲᠠᠭ ᠪᠢᠯᠡ ᠃ ᠡᠪᠦᠯ ᠵᠤᠨ ᠭᠡᠰᠡᠨ ᠦᠭᠡᠢ ᠰᠢᠷᠭᠠᠯ ᠬᠦᠷᠡᠩ ᠴᠢᠯᠠᠭᠤᠨ ᠨᠢ ᠳᠤᠯᠠᠭᠠᠬᠠᠨ ᠬᠠᠷᠠᠭᠲᠠᠲᠠᠭ ᠃ ᠭᠠᠭᠴᠠ ᠯᠠ ᠵᠤᠨ ᠪ ᠣᠷᠣᠢ ᠨᠠᠷᠠ ᠳᠤᠮᠳᠠ ᠬᠠᠲᠠᠨ ᠪ ᠴᠠᠭᠠᠭᠤᠷ ᠤᠷᠤᠵᠤ ᠰᠡᠭᠦᠲᠡᠷ ᠪᠠᠭᠤᠬᠤ ᠦᠶ᠎ᠡ  ᠳᠤ ᠯᠠ ᠵᠢᠭᠠᠬᠠᠨ ᠤᠶ᠋ᠢᠤᠠᠬᠠᠷ ᠲᠠᠢ ᠪᠠᠶ᠋ᠢᠲᠠᠭ ᠪᠢᠯᠡ ᠃ ᠬᠠᠲᠠᠳ ᠮᠠᠨᠢ ᠨᠢᠭᠤᠷ ᠲᠠᠯ᠎ᠠ ᠨᠢ  ᠡᠭᠴᠡ ᠠᠰᠬ᠎ᠠ ᠂ ᠰᠦᠷᠲᠡᠢ ᠪᠠᠷᠲᠠᠬ᠋᠎ᠠ ᠲᠠᠢ ᠪᠣᠯᠪᠠᠴᠤ ᠂ ᠠᠷᠤ ᠲᠠᠯ᠎ᠠ ᠤᠷᠤᠭᠤ ᠪᠠᠨ ᠵᠥᠭᠡᠯᠡᠨ ᠨᠠᠯᠠᠤ ᠪᠠᠶ᠋ᠢᠲᠠᠭ ᠶᠤᠮ ᠃ ᠬᠠᠲᠠᠨ ᠪ ᠣᠷᠣᠢ  ᠳᠤ ᠵᠥᠩᠲᠡᠭᠡᠨ ᠭᠠᠷᠴᠤ ᠂ ᠲᠣᠮᠣᠬ᠋᠎ᠠ ᠦᠭᠡᠢ ᠵᠠᠩ ᠠ᠋ᠴᠠ ᠪᠠᠨ ᠪᠣᠯᠵᠤ ᠰᠡᠷ ᠦ᠋ᠨ ᠡᠭᠦᠷ ᠳᠡᠭᠡᠷ᠎ᠡ ᠡᠴᠡ ᠴᠢᠯᠠᠭᠤ ᠪᠠᠭᠤᠯᠭᠠᠵᠤ ᠴᠤ᠌ ᠪᠠᠶ᠋ᠢᠯ᠎ᠠ ᠃ ᠭᠡᠲᠡᠯ᠎ᠡ ᠬᠠᠲᠠ ᠮᠠᠨᠢ ᠬᠠᠲᠠᠭᠤ  ᠭᠡᠳᠡᠭ ᠴᠤ᠌ ᠨᠠᠲᠠ ᠬᠠᠲᠠᠭᠤᠷᠬᠠᠵᠤ ᠂ ᠤᠨᠠᠭᠠᠵᠤ ᠲᠤᠰᠬᠠᠬ᠋᠎ᠠ ᠦᠭᠡᠢ ᠪᠠᠶ᠋ᠢᠯ᠎ᠠ ᠃
     ᠬᠠᠲᠠ ᠶ᠋ᠢ ᠠᠮᠢᠲᠤ ᠭᠡᠵᠦ ᠪᠢ ᠪᠣᠲᠣᠲᠠᠭ ᠃ ᠶᠡᠷᠦ ᠡᠴᠡ ᠪᠡᠨ ᠴᠤ᠌ ᠠᠮᠢᠲᠤ ᠶᠤᠮᠰᠠᠨ ᠃ ᠬᠠᠲᠠᠨ ᠴᠤᠤᠷᠢᠶ᠎ᠠ ᠶ᠋ᠢ ᠪᠢ ᠬᠡᠢ ᠬᠣᠭᠣᠰᠣᠨ ᠶᠠᠭᠤᠮ᠎ᠠ ᠭᠡᠵᠦ ᠬᠡᠵᠢᠶ᠎ᠡ ᠴᠤ᠌ ᠭᠣᠯᠣᠬ᠋᠎ᠠ ᠦᠭᠡᠢ ᠪᠢᠯᠡ ᠃ ᠤᠰᠤᠨ  ᠳᠤ ᠣᠷᠣᠵᠤ  ᠢᠷᠡᠭᠰᠡᠨ ᠦᠬᠡᠷ ᠦᠷᠭᠦᠯᠵᠢᠯᠡᠭᠦᠯᠦᠨ ᠠᠷᠪᠠᠨ ᠬᠡᠲᠦ ᠬᠣᠷᠢ ᠰᠢᠬᠠᠮ ᠬᠠᠩᠭᠢᠨᠠᠲᠠᠯ᠎ᠠ ᠮᠥᠭᠡᠷᠡᠬᠦ  ᠳᠤ ᠂ ᠬᠠᠲᠠ ᠠᠯᠲᠠᠯ ᠦᠭᠡᠢ ᠳᠠᠭᠠᠵᠤ ᠭᠥᠩᠭᠢᠷᠤᠰᠤᠨ ᠴᠤᠤᠷᠢᠶᠠᠯᠠᠲᠠᠭ ᠃ ᠦᠬᠡᠷ ᠲᠤᠰᠠᠬᠠᠶ᠋ᠢᠯᠠᠨ ᠲᠡᠭᠡᠵᠦ ᠮᠥᠭᠡᠷᠡᠵᠦ ᠥᠪᠡᠷ ᠦ᠋ᠨ ᠳᠠᠭᠤ ᠪᠠᠨ ᠪᠠ ᠬᠠᠲᠠᠨ ᠴᠤᠤᠷᠢᠶ᠎ᠠ ᠶ᠋ᠢ ᠴᠢᠩᠨᠠᠨ ᠵᠢᠷᠭᠠᠲᠠᠭ ᠪᠠᠶ᠋ᠢᠨ᠎ᠠ ᠭᠡᠵᠦ ᠪᠢ  ᠢᠲᠡᠭᠡᠳᠡᠭ ᠶᠤᠮᠰᠠᠨ ᠃ ᠰᠡᠷ ᠢᠨᠴᠠᠭᠠᠬᠤ ᠂ ᠲᠠᠭᠲᠠᠬ᠋᠎ᠠ ᠭᠦᠭᠦᠭᠯᠡᠵᠦ ᠂ ᠭᠣᠣᠯ ᠬᠠᠷᠬᠢᠶᠠᠲᠦᠨ ᠱᠤᠤᠬᠢᠵᠤ ᠯᠠ ᠪᠠᠶ᠋ᠢᠲᠠᠭ ᠃ ᠬᠠᠲᠠ ᠮᠠᠨᠢ ᠲᠡᠷᠡ ᠳᠠᠭᠤ ᠴᠢᠮᠡᠭᠡ ᠶ᠋ᠢ ᠪᠡᠶᠡᠰᠦᠨ ᠴᠢᠩᠨᠠᠵᠤ ᠂ ᠠᠮᠢ ᠠᠮᠢᠲᠤᠷᠠᠯ ᠊ᠢ ᠲᠠᠪᠠᠲᠠᠶ᠋ᠢᠬᠠᠨ ᠬᠠᠷᠠᠵᠤ ᠰᠠᠭᠤᠲᠠᠭ ᠪᠠᠶ᠋ᠢᠬ᠎ᠠ ᠳ᠋ᠠ ᠃ ᠪᠢ ᠬᠠᠲᠠ ᠪᠠᠨ ᠦᠬᠦᠮᠡᠯ ᠴᠢᠯᠲᠡᠩ ᠂  ᠴᠡᠪᠳᠡᠭ ᠬᠦᠢᠲᠡᠨ ᠭᠡᠵᠦ ᠶᠡᠷᠦ ᠡᠴᠡ ᠪᠡᠨ ᠪᠣᠲᠣᠲᠠᠭ ᠦᠭᠡᠢ ᠃ ᠮᠠᠨ ᠪ ᠬᠢᠨ ᠤᠷᠭᠤᠬ᠋᠎ᠠ ᠬᠠᠲᠠ  ᠭᠡᠳᠡᠭ᠂ ᠪᠢᠴᠢᠬᠠᠨ ᠬᠠᠲᠠ ᠶ᠋ᠢ ᠰᠠᠷᠠᠲᠤ ᠶ᠋ᠢᠨ ᠬᠠᠲᠠ ᠪᠠ ᠳᠤᠮᠳᠠ ᠬᠠᠲᠠᠨ ᠪ ᠳᠡᠭᠦᠦ ᠨᠢ  ᠴᠤ᠌ ᠶᠤᠮ ‍ᠦᠦ ᠃ ᠬᠦᠦ ᠨᠢ ᠴᠤ᠌ ᠶᠤᠮ ‍ᠦᠦ ᠭᠡᠵᠦ  ᠳᠥᠰᠥᠭᠡᠯᠡᠳᠡᠭ᠃ ᠡᠷᠲᠡ ᠣᠷᠣᠢ ᠦᠭᠡᠢ ᠪᠠᠰᠠ ᠯᠠ ᠨᠥᠭᠦᠭᠡ ᠬᠣᠶᠠᠷ ᠬᠠᠲᠠ ᠲᠠᠢ ᠪᠠᠨ ᠠᠲᠠᠯᠢ ᠰᠦᠷ ᠪᠠᠷ᠎ᠠ ᠲᠠᠢ  ᠡᠭᠴᠡ ᠥᠨᠲᠥᠷ ᠬᠠᠲᠠ ᠪᠣᠯᠵᠤ ᠤᠷᠭᠤᠨ᠎ᠠ ᠭᠡᠵᠦ ᠢᠲᠡᠭᠡᠵᠦ ᠪᠠᠶ᠋ᠢᠬᠰᠠᠨ ᠶᠤᠮ ᠰᠠᠨ ᠃
     ᠭᠡᠲᠡᠯ᠎ᠡ ᠬᠠᠲᠠᠳ ᠲᠤ ᠮᠢᠨᠢ ᠬᠠᠲᠠᠭᠤ ᠵᠠᠶᠠᠬ᠋᠎ᠠ ᠲᠣᠬᠢᠶᠠᠭᠰᠠᠨ ᠊ᠢ ᠶᠠᠭᠠᠬᠢᠬᠤ ᠪᠤᠢ ᠃ ᠦᠨᠡᠨ  ᠳᠤ ᠪᠡᠨ ᠨᠠᠮ᠎ᠠ ᠶ᠋ᠢ ᠮᠡᠲᠡᠭᠡ ᠣᠷᠣᠬᠤ ᠠ᠋ᠴᠠ ᠡᠮᠦᠨ᠎ᠡ ᠲᠡᠲᠡᠨ ᠪ ᠵᠠᠶᠠᠬ᠋᠎ᠠ ᠬᠡᠯᠲᠠᠶ᠋ᠢᠵᠤ  ᠡᠬᠢᠯᠡᠭᠰᠡᠨ ᠪᠠᠶ᠋ᠢᠵᠠᠢ ᠃ ᠵᠢᠷᠭᠠᠯᠠᠩᠲᠤ ᠬᠠᠲᠠ ᠶᠠᠭᠠᠬᠢᠭᠠᠳ ᠠᠯᠠᠬ᠋᠎ᠠ ᠪᠣᠯᠤᠭᠰᠠᠨ ᠊ᠢ ᠪᠢ ᠠᠩᠬ᠎ᠠ ᠤᠬᠠᠬ᠋᠎ᠠ ᠦᠭᠡᠢ ᠪᠠᠶ᠋ᠢᠬᠰᠠᠨ ᠶᠤᠮ ᠃ ᠵᠢᠷᠠᠨ ᠶᠢᠰᠦᠨ ᠣᠨ ᠪ ᠡᠪᠦᠯ ᠲᠠᠩᠺ ᠦ᠋ᠨ ᠵᠠᠮ ᠵᠠᠰᠠᠬᠤ ᠭᠡᠵᠦ ᠵᠢᠪ ᠵᠢᠭᠠᠬᠠᠨ ᠵᠢᠷᠭᠠᠯᠠᠩᠲᠤ ᠬᠠᠲᠠ ᠶ᠋ᠢ ᠳᠡᠯᠪᠡᠯᠥᠨ ᠴᠢᠯᠠᠭᠤᠳ ᠊ᠢ ᠨᠢ ᠭᠣᠣᠯ ᠦ᠋ᠨ ᠲᠣᠬᠣᠢ  ᠳᠤ ᠰᠢᠭᠢᠤᠠᠬᠡᠵᠦ ᠣᠷᠬᠢᠬᠰᠠᠨ ᠪᠠᠶ᠋ᠢᠵᠠᠢ ᠃ ᠬᠡᠲᠦᠬᠡᠨ ᠠᠯᠲᠠ ᠥᠨᠲᠥᠷ ᠵᠢᠷᠭᠠᠯᠠᠩᠲᠤ ᠬᠠᠲᠠ ᠮᠢᠨᠢ ᠬᠡᠲᠦᠨ ᠵᠠᠭᠤᠨ ᠲᠦᠮᠡᠨ ᠠᠮᠨ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠭᠡᠷ ᠊ᠢ ᠬᠠᠮᠠᠭᠠᠯᠠᠬᠤ ᠲᠣᠮᠣ  ᠦᠢᠯᠡ ᠬᠡᠷᠡᠭ ᠲᠦ ᠵᠣᠷᠢᠭᠤᠯᠤᠭᠲᠠᠵᠠᠢ ᠃ ᠣᠲᠣ ᠵᠢᠷᠭᠠᠯᠠᠩᠲᠤ ᠬᠠᠲᠠᠨ ᠪ ᠰᠠᠭᠤᠷᠢ ᠳᠡᠭᠡᠷ᠎ᠡ ᠱᠦᠢᠨᠢ ᠴᠢᠯᠠᠭᠤ ᠪᠠᠷ ᠪᠠᠷᠢᠬᠰᠠᠨ ᠰᠦᠷ ᠰᠦᠯᠲᠡ ᠦᠭᠡᠢ ᠣᠪᠣᠬ᠋᠎ᠠ ᠰᠢᠦ ᠶᠠᠭᠤᠮ᠎ᠠ ᠪᠤᠢ ᠃ ᠡᠬᠡ ᠪᠠᠶ᠋ᠢᠭᠠᠯᠢ ᠂ ᠣᠷᠴᠢᠯᠠᠩ ᠦ᠋ᠨ ᠠᠤᠬ᠋᠎ᠠ ᠶᠡᠬᠡ ᠤᠷ᠎ᠠ ᠬᠦᠴᠦᠨ ᠪ ᠵᠠᠬ᠎ᠠ  ᠳᠤ ᠬᠥᠮᠦᠨ ᠪ ᠭᠠᠷ ᠤᠬᠠᠭᠠᠨ ᠭᠡᠳᠡᠭ ᠶᠠᠮᠠᠷ ᠶᠡᠬᠡ ᠣᠯᠲᠣᠢ ᠪᠢᠲᠠᠭᠤ ᠶᠤᠮ ᠪᠤᠢ ᠯᠠ ᠭᠡᠵᠦ ᠪᠣᠲᠣᠬᠤ ᠠ᠋ᠴᠠ ᠳ᠋ᠠ ᠃ ᠳᠠᠯᠠᠨ ᠣᠨ  ᠳᠤ ᠰᠢᠪᠠᠷᠲᠠᠢ ᠭᠣᠣᠯ ᠦ᠋ᠨ ᠡᠬᠢᠨ ᠳ᠋ᠡᠬᠢ ᠪᠤᠩᠬᠤᠨ ᠬᠠᠲᠠ  ᠳᠡᠯᠪᠡᠴᠢᠭᠳᠡᠵᠦ᠂ ᠨᠡᠭᠦᠷᠡᠰᠦᠨ ᠠᠭᠤᠷᠬᠠᠢ ᠶ᠋ᠢᠨ ᠠᠵᠢᠯᠴᠢᠨ ᠪ ᠪᠠᠶ᠋ᠢᠷᠢ ᠶ᠋ᠢᠨ ᠰᠠᠭᠤᠷᠢ ᠪᠣᠯᠤᠭᠰᠠᠨ ᠪᠠᠶ᠋ᠢᠵᠠᠢ ᠃
     ᠲᠡᠭᠡᠵᠦ ᠪᠠᠶ᠋ᠢᠲᠠᠯ᠎ᠠ ᠡᠪᠡᠰᠦᠨ ᠬᠦᠷᠢᠶ᠎ᠡ ᠂ ᠪᠣᠷᠲᠣᠭᠠᠨ ᠰᠠᠭᠤᠷᠢᠨ ᠭᠠᠵᠠᠷ ᠪᠠᠶ᠋ᠢᠭᠤᠯᠬᠤ ᠬᠡᠮᠡᠨ  ᠬᠥᠭᠯᠡᠵᠦ ᠂ ᠬᠠᠮᠢᠬ᠋᠎ᠠ ᠬᠡᠷᠡᠭ ᠦᠭᠡᠢ ᠴᠢᠯᠠᠭᠤᠨ ᠬᠡᠷᠡᠮ ᠵᠡᠷᠭᠡᠯᠡᠵᠦ ᠰᠥᠢᠳ ᠪᠣᠯᠤᠭᠰᠠᠨ ᠠ᠋ᠴᠠ ᠬᠠᠲᠠᠳ ᠦ᠋ᠨ ᠮᠢᠨᠢ ᠬᠤᠪᠢ ᠲᠥᠭᠡᠷᠭᠡ ᠪᠦᠷᠢ ᠴᠤ᠌ ᠬᠡᠴᠡᠭᠦᠲᠡᠵᠡᠢ ᠂ ᠪᠢᠴᠢᠬᠠᠨ ᠬᠠᠲᠠ ᠶ᠋ᠢ ᠶᠠᠭᠤ  ᠴᠤ᠌ ᠦᠭᠡᠢ ᠪᠣᠯᠲᠠᠯ᠎ᠠ ᠲᠡᠯᠪᠡᠯᠡᠵᠤ ᠬᠡᠷᠡᠮ ᠵᠡᠷᠭᠡᠯᠡᠪᠡ ᠃ ᠥᠨᠲᠥᠷ ᠬᠠᠲᠠᠨ ᠪ ᠵᠠᠪᠰᠠᠷ ᠲᠤ ᠳᠠᠷᠢ ᠵᠣᠭᠣᠵᠤ ᠪᠠᠶ᠋ᠢᠭᠠᠳ ᠳᠡᠯᠪᠡᠯᠡᠵᠤ ᠬᠡᠴᠢᠨᠡᠨ ᠮᠢᠩᠬ᠋᠎ᠠ ᠲᠦᠮᠡᠨ ᠣᠨ ᠬᠠᠵᠠᠶ᠋ᠢᠵᠤ ᠪᠠᠶ᠋ᠢᠬᠰᠠᠨ ᠴᠤ᠌ ᠤᠨᠠᠬᠤ ᠪᠠᠶ᠋ᠢᠲᠤᠭᠠᠢ ᠭᠠᠩᠬᠤᠬ᠋᠎ᠠ ᠴᠤ᠌ ᠦᠭᠡᠢ ᠨᠥᠭᠦᠭᠡ ᠤᠨᠠᠮᠠᠷ ᠬᠠᠷᠠᠭᠲᠠᠲᠠᠭ ᠬᠠᠲᠠ ᠮᠠᠨᠢ ᠨᠡᠬᠡᠷᠡᠨ ᠤᠨᠠᠵᠤ ᠣᠣᠨᠪᠠ ᠃ ᠮᠤᠬᠤᠷ ᠬᠠᠲᠠᠨ ᠪ ᠨᠢᠭᠤᠷ ᠊ᠢ ᠤᠬᠤᠭᠠᠳ ᠠᠪᠤᠭᠰᠠᠨ ᠰᠢᠭ᠋  ᠰᠡᠭᠴᠢᠵᠦ ᠲᠦᠷᠢ ᠰᠢᠨᠵᠢ ᠨᠢ ᠡᠪᠲᠡᠷᠡᠪᠡ ᠃ ᠪᠠᠶ᠋ᠢᠴᠠ ᠶ᠋ᠢᠨ ᠬᠠᠲᠠᠨ ᠪ ᠪᠠᠷᠠᠭᠤᠨ ᠰᠦᠪᠡᠭᠡ ᠶ᠋ᠢ ᠪᠠᠰᠠ ᠯᠠ ᠳᠡᠯᠪᠡᠴᠢᠵᠦ ᠦᠵᠡᠪᠡ ᠃ ᠣᠷᠴᠢᠯᠠᠩ  ᠳᠤ ᠬᠠᠮᠤᠭ ᠦ᠋ᠨ ᠬᠠᠲᠠᠭᠤ ᠪᠥᠬᠡ ᠭᠡᠵᠦ ᠰᠡᠤᠠᠬᠢᠯ  ᠳᠤ ᠮᠢᠨᠢ  ᠰᠡᠢᠯᠦᠭᠳᠡᠵᠦ ᠂ ᠬᠡᠨ ᠬᠥᠮᠦᠨ ᠶᠠᠭᠠᠬᠢᠵᠤ  ᠴᠤ᠌ ᠴᠢᠲᠠᠬᠤ ᠦᠭᠡᠢ ᠭᠡᠵᠦ ᠪᠣᠲᠣᠵᠤ ᠪᠠᠶ᠋ᠢᠬᠰᠠᠨ ᠬᠠᠲᠠᠳ ᠮᠢᠨᠢ ᠲᠡᠶ᠋ᠢᠮᠦ ᠯᠡ  ᠡᠮᠵᠡᠭ  ᠬᠡᠪᠡᠷᠡᠭᠬᠡᠨ ᠪᠠᠶ᠋ᠢᠵᠤ ᠂ ᠣᠷᠣ ᠮᠥᠷ ᠦᠭᠡᠢ ᠠᠷᠢᠯᠬᠤ ᠨᠢ ᠠᠷᠢᠯᠵᠤ ᠂ ᠰᠡᠪᠲᠦᠵᠦ ᠡᠪᠲᠡᠷᠡᠬᠦ ᠨᠢ ᠡᠪᠲᠡᠷᠡᠵᠦ ᠂ ᠬᠠᠨᠢ ᠢᠵᠢᠯᠢ ᠪᠠᠨ ᠠᠯᠲᠠᠬᠤ ᠨᠢ ᠠᠯᠲᠠᠪᠠ ᠃
     ᠥᠨᠥ ᠪᠢ ᠲᠣᠩ ᠤᠲᠠᠵᠤ ᠤᠲᠠᠵᠤ ᠰᠢᠪᠠᠷᠲᠠᠢ ᠶ᠋ᠢᠨ ᠬᠥᠨᠲᠡᠢ ᠳ᠋ᠡᠭᠡᠨ ᠨᠢᠭᠡ ᠬᠦᠷᠬᠦ  ᠳᠤ ᠠᠯᠠᠬ᠋᠎ᠠ ᠪᠣᠯᠤᠭᠰᠠᠨ ᠬᠠᠲᠠ ᠮᠢᠨᠢ  ᠦᠭᠡᠢᠯᠡᠭᠳᠡᠵᠦ ᠂ ᠰᠢᠷᠬ᠎ᠠ ᠰᠣᠷᠪᠢ ᠲᠠᠢ ᠂ ᠰᠡᠪᠲᠦᠵᠦ ᠬᠣᠴᠣᠷᠤᠭᠰᠠᠨ ᠬᠠᠲᠠᠳ ᠨᠢᠭᠡ ᠯᠡ ᠰᠦᠷ ᠰᠦᠯᠲᠡ ᠮᠠᠭᠤᠲᠠᠢ ᠲᠦᠩᠰᠦᠶ᠋ᠢᠨ ᠂ ᠬᠥᠭᠡᠷᠦᠬᠦᠢ ᠵᠢᠭᠠᠬᠠᠨ ᠰᠢᠪᠠᠷᠲᠠᠢ ᠭᠣᠣᠯ ᠮᠢᠨᠢ ᠴᠤ᠌ ᠤᠤᠯ ᠦ᠋ᠨ ᠴᠣᠪᠣᠭᠣ ᠴᠣᠯᠭᠢᠨ ᠠᠷᠠᠨᠰᠢᠨ ᠶ᠋ᠢᠠᠨ ᠠᠯᠲᠠᠵᠤ ᠤᠷᠤᠰᠬᠠᠯ ᠲᠠᠢ ᠤᠷᠤᠰᠬᠠᠯ ᠦᠭᠡᠢ ᠭᠤᠶ᠋ᠢᠭᠤᠷᠠᠨ ᠂ ᠰᠡᠤᠠᠬᠢᠯ ᠡᠷᠬᠡ ᠦᠭᠡᠢ ᠭᠤᠨᠢᠬᠯᠠᠨ ᠬᠠᠷᠠᠭᠤᠰᠤᠯ  ᠲᠥᠷᠥᠭᠳᠡᠵᠦ᠂ ᠬᠠᠭᠠᠷᠠᠵᠤ ᠪᠤᠲᠠᠷᠠᠵᠤ ᠰᠠᠯᠵᠤ ᠰᠠᠲᠠᠷᠠᠭᠰᠠᠨ ᠴᠢᠯᠠᠭᠤᠳ ᠊ᠢ ᠨᠢ ᠵᠢᠷᠦᠬᠡᠨ ᠳ᠋ᠡᠭᠡᠨ ᠡᠪᠯᠡᠭᠦᠯᠦᠨ ᠂ ᠵᠣᠯ ᠶ᠋ᠢᠠᠷ  ᠦᠯᠡᠳᠡᠭᠰᠡᠨ ᠬᠡᠲᠦᠨ ᠬᠠᠲᠠᠨ ᠪ ᠵᠠᠶᠠᠬ᠋᠎ᠠ ᠶ᠋ᠢ ᠰᠠᠮ ᠰᠡᠮᠬᠡᠨ ᠳᠠᠭᠠᠳᠬᠠᠳᠠᠭ ᠪᠣᠯᠤᠭᠰᠠᠨ ᠪᠢᠯᠡ ᠃
 
      ᠦᠰᠦᠭ  ᠠᠮᠢᠯᠠᠭᠤᠯᠤᠭᠰᠠᠨ ᠨᠢ ᠄ ᠪᠠᠭᠠᠲᠤᠷ
           ᠬᠢᠨᠠᠭ᠍ᠴᠢ ᠪᠠᠭ᠍ᠰᠢ  :  ᠴᠣᠯᠮᠣᠨᠲᠦᠶᠠᠭ᠎ᠠ

                             2023 ᠣᠨ ᠪ3 ᠰᠠᠷ᠎ᠠ ᠶ᠋ᠢᠨ4