ᠠᠷᠭ᠎ᠠ ᠦᠭᠡᠢ ᠠᠮᠠᠷᠠᠭ - ᠷ · ᠴᠣᠢᠨᠣᠮ Аргагүй амраг    -  Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠭ᠎ᠠ ᠦᠭᠡᠢ ᠠᠮᠠᠷᠠᠭ - ᠷ · ᠴᠣᠢᠨᠣᠮ Аргагүй амраг    -  Р · Чойном

ᠠᠷᠭ᠎ᠠ ᠦᠭᠡᠢ ᠠᠮᠠᠷᠠᠭ - ᠷ · ᠴᠣᠢᠨᠣᠮ Аргагүй амраг    -  Р · Чойном

2023-03-17

328

ᠠᠷᠭ᠎ᠠ ᠦᠭᠡᠢ ᠠᠮᠠᠷᠠᠭ


ᠨᠠᠭᠤᠷ ᠡ ᠴᠢ ᠬᠡᠰᠭᠦ ᠬᠡᠳ ᠪᠠᠶ᠋ᠢᠨ᠎ᠠ ‍ᠤᠤ ᠳ᠋ᠠ
ᠨᠤᠭᠤᠰᠤ ᠭᠡᠳᠡᠭ ᠠᠮᠢᠲᠠᠨ ᠴᠢᠨᠢ ᠬᠦᠷᠦᠭᠡᠳ ᠢᠷᠡᠨ᠎ᠡ ᠳ᠋ᠡ
ᠨᠢᠭᠤᠴᠠᠬᠠᠢ ᠬᠠᠨᠢᠯᠠᠪᠠᠯ ᠂ ᠴᠢ ᠪᠢᠳᠡᠨ ᠬᠣᠶᠠᠷ ᠎ᠲᠤ᠌
ᠵᠣᠪᠠᠯᠠᠩ ᠪᠢᠰᠢ ᠯᠠ ᠵᠢᠷᠭᠠᠯ ᠰᠢᠦ ᠳ᠋ᠡ ᠂ ᠠᠢ
     ᠠᠮᠠᠷᠠᠭ ᠦᠷ᠎ᠡ ᠮᠢᠨᠢ ᠳ᠋ᠠ ᠬᠦ᠋ ᠂ ᠬᠥ
ᠨᠣᠶ᠋ᠢᠷ ᠡ ᠴᠢ ᠬᠦᠷᠬᠦ ᠭᠡᠳ ᠯᠡ ᠪᠠᠶ᠋ᠢᠨ᠎ᠠ ‍ᠤᠤ ᠳ᠋ᠠ
ᠨᠣᠶ᠋ᠢᠷ ᠦᠭᠡᠢ ᠬᠣᠨᠣᠭᠰᠠᠨ ᠰᠥᠨᠢ ᠶ᠋ᠢᠨ ᠮᠢᠨᠢ ᠳᠤᠷᠠᠳᠬᠠᠯ  ᠶᠤᠮ ᠰᠢᠦ ᠳ᠋ᠡ
ᠬᠣᠩᠭᠣᠷ ᠦᠷ᠎ᠡ ᠮᠢᠨᠢ  ᠳ᠋ᠠ ᠂ ᠭᠦ᠋ ᠂ ᠬᠦ᠋! 
ᠠᠶᠤᠯ ᠰᠢᠭ᠋ ᠠᠶᠤᠯ ᠡᠴᠡ ᠠᠶᠤᠯ ᠦᠭᠡᠢ ᠪᠡᠷ
ᠠᠭᠠᠰᠢᠨ ᠪ ᠴᠢᠨᠢ ᠰᠠᠶ᠋ᠢᠬᠠᠨ ᠎ᠳ᠋ᠦ᠍
ᠠᠷᠭ᠎ᠠ ᠴᠤ᠌ ᠦᠭᠡᠢ
ᠠᠪᠲᠠᠬᠤ ᠨᠢ ᠶᠤᠮ ‍ᠦᠦ ᠳ᠋ᠡ ᠂ ᠠᠢ᠃
     ᠬᠥᠮᠦᠨ ᠪ ᠯᠠ ᠦᠷ᠎ᠡ ᠮᠢᠨᠢ ᠳ᠋ᠡ ᠬᠦ᠋!
ᠨᠢᠭᠦᠯ ᠰᠢᠭ᠌ ᠨᠢᠭᠦᠯ ᠡᠴᠡ ᠠᠶᠤᠯ ᠦᠭᠡᠢ ᠪᠡᠷ
ᠨᠢᠳᠦᠨ ᠪ ᠴᠢᠨᠢ ᠰᠠᠶ᠋ᠢᠬᠠᠨ ᠎ᠳ᠋ᠦ᠍
ᠡᠷᠬᠡ ᠴᠦ᠍ ᠦᠭᠡᠢ ᠯᠡ
ᠡᠷᠬᠢᠬᠥ ᠨᠢ ᠶᠤᠮ ‍ᠦᠦ ᠳ᠋ᠡ ᠂ ᠠᠢ ᠂
     ᠮᠢᠨᠦ ᠯᠡ ᠨᠠᠷᠠ ᠮᠢᠨᠢ ᠳ᠋ᠡ ᠬᠥ!
                              17 ᠦᠲᠡ
     
      《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ —  》
             — ᠤᠶᠠᠩᠭ᠎ᠠ ‍ᠶ᠋ᠢᠨ ᠰᠢᠯᠦᠭ  ᠠ᠋ᠴᠠ ᠬᠠᠭᠤᠯᠪᠠ ᠃
            ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ

      ᠦᠰᠦᠭ  ᠠᠮᠢᠯᠠᠭᠤᠯᠤᠭᠴᠢ ᠄ ᠣᠳᠣᠨᠭᠡᠷᠡᠯ
        ᠬᠢᠨᠠᠭᠴᠢ ᠄  ᠣᠳᠬᠠᠨᠰᠣ᠎ᠠ ᠂  ᠮᠥᠩᠭᠥᠨᠴᠡᠴᠡᠭ