ᠬᠡᠨ ᠭᠤᠸᠠᠢ - ᠷ · ᠴᠣᠢᠨᠣᠮ Хэн гуай - Р · Чойном
ᠬᠡᠨ ᠭᠤᠸᠠᠢ
ᠵᠠᠶ᠋ᠢᠯᠠᠭᠤᠯ ᠂ ᠬᠡᠨ ᠭᠤᠸᠠᠢ ᠪᠠᠰᠠ ᠯᠠ
ᠵᠠᠯᠠᠭᠤ ᠠᠪᠠᠭᠠᠢ ᠠᠪᠤᠭᠰᠠᠨ ᠭᠡᠨ᠎ᠡ
ᠠᠪᠤᠭᠰᠠᠨ ᠲᠡᠭᠦᠨ ᠡᠴᠡ ᠪᠡᠨ ᠪᠠᠰᠠ ᠯᠠ
ᠠᠰᠤᠷᠤ ᠤᠲᠠᠯ ᠦᠭᠡᠢ ᠰᠠᠯᠤᠭᠰᠠᠨ ᠭᠡᠨ᠎ᠡ ᠃
ᠬᠥᠭᠡᠷᠦᠬᠦᠢ ᠂ ᠬᠡᠨ ᠭᠤᠸᠠᠢ ᠲᠡᠭᠡᠭᠡᠳ
ᠬᠥᠰᠡᠷᠢ ᠶ᠋ᠢᠨ ᠱᠣᠩ ᠰᠢᠭ᠋ ᠦᠯᠡᠲᠡᠵᠦ
ᠵᠠᠯᠠᠭᠤ ᠤᠯᠤᠰ ᠂ ᠶᠠᠭᠠᠬᠢᠬᠤ ᠪᠤᠢ
ᠵᠠᠮ ᠶ᠋ᠢᠠᠨ ᠳᠠᠭᠠᠭᠠᠳ ᠁ ᠪᠠᠶᠠᠷᠲᠠᠢ ᠁
ᠬᠡᠴᠢᠨᠡᠨ ᠴᠤ᠌ ᠤᠲᠠᠬ᠋᠎ᠠ ᠢᠩᠭᠢᠵᠦ
ᠬᠡᠶ᠋ᠢᠷᠬᠡᠵᠦ ᠦᠵᠡᠪᠡ ᠳ᠋ᠡ ᠂ ᠬᠡᠨ ᠭᠤᠸᠠᠢ
ᠬᠡᠢ ᠳᠡᠮᠡᠢ ᠯᠡ ᠥᠪᠡᠷ ᠲᠡᠭᠡᠨ
ᠬᠢᠯᠢᠨᠴᠡ ᠬᠤᠷᠢᠶᠠᠬᠤ ᠠ᠋ᠴᠠ ᠴᠠᠭᠠᠰᠢ ᠦᠭᠡᠢ ᠃
ᠪᠠᠭᠤᠲᠠᠯ ᠦ᠋ᠨ ᠭᠡᠷ ᠰᠢᠭ᠌ ᠡᠪᠦᠷ ᠶ᠋ᠢᠡᠷ ᠨᠢ
ᠪᠤᠷᠮ᠎ᠠ ᠂ ᠳ᠋ᠠᠷᠢᠮ᠎ᠠ ᠠ᠋ᠴᠠ ᠡᠬᠢᠯᠡᠭᠡᠳ
ᠠᠯᠲᠠ ᠂ ᠱ᠌ᠢᠷᠦ ᠂ ᠰᠤᠪᠤᠳ ᠂
ᠠᠯᠶᠠ ᠂ ᠭᠠᠯᠶᠠ ᠂ ᠸᠠᠯᠶᠠ ᠁
ᠠᠷᠪᠠᠨ ᠨᠠᠢ᠍ᠮᠠ ᠠ᠋ᠴᠠ ᠬᠣᠷᠢᠲᠠᠢ
ᠠᠯᠲᠠᠨ ᠪᠠᠷᠢᠮᠠᠯ ᠰᠢᠭ᠋ ᠥᠬᠢᠳ
ᠣᠷᠣᠭᠠᠳ ᠭᠠᠷᠬᠤ ᠭᠡᠶ᠋ᠢᠴᠢᠳ ᠰᠢᠭ᠌
ᠣᠯᠠᠨ ᠵᠢᠯ ᠴᠤᠪᠤᠯᠠ ᠃
ᠣᠯᠠᠨ ᠵᠢᠯ ᠬᠡᠨ ᠭᠤᠸᠠᠢ
ᠥᠬᠢᠳ ᠊ᠢ ᠬᠠᠭᠤᠷᠴᠤ ᠴᠢᠲᠠᠭᠰᠠᠨ ᠴᠤ᠌
ᠣᠷᠴᠢᠯᠠᠩ ᠊ᠢ ᠬᠠᠭᠤᠷᠴᠤ ᠴᠢᠲᠠᠭᠰᠠᠨ ᠦᠭᠡᠢ
ᠤᠷᠤᠭ ᠪᠤᠭᠤᠷᠤᠯ ᠪᠣᠯᠤᠯ᠎ᠠ ᠃
ᠳᠡᠭᠡᠭᠦᠷ ᠨᠢᠰᠳᠡᠭ ᠰᠢᠪᠠᠭᠤ ᠶ᠋ᠢ
ᠳᠡᠪᠬᠡᠷᠬᠦ ᠲᠡᠲᠦᠢ ᠮᠡᠯᠡᠬᠡᠢ ᠲᠡᠢ
ᠳᠡᠷᠡ ᠨᠢᠭᠡᠤᠠᠬᠡᠨ ᠰᠠᠭᠤᠯᠭᠠᠬᠤ ᠭᠡᠵᠦ
ᠳᠡᠮᠡᠢ ᠵᠣᠪᠠᠬᠤ ᠶ᠋ᠢᠨ ᠠᠲᠠᠯᠢ
ᠬᠠᠪᠤᠷ ᠨᠠᠮᠤᠷ ᠬᠣᠶᠠᠷ ᠊ᠢ
ᠬᠠᠮᠲᠤ ᠪᠠᠶ᠋ᠢᠯᠭᠠᠬᠤ ᠭᠡᠵᠦ
ᠬᠠᠶ᠋ᠢᠷᠠᠨ ᠵᠢᠯ ᠦ᠋ᠳ ᠶ᠋ᠢᠡᠨ ᠂ ᠬᠡᠨ ᠭᠤᠸᠠᠢ
ᠶᠠᠷᠢᠶᠠᠨ ᠪᠣᠯᠲᠠᠯ᠎ᠠ ᠣᠷᠣᠯᠲᠣᠵᠠᠢ ᠃
《 ᠷ · ᠴᠣᠶ᠋ᠢᠨᠣᠮ ᠦ᠋ᠨ ᠰᠢᠯᠦᠭ ᠂ ᠵᠣᠬᠢᠶᠠᠭᠴᠢ ᠶ᠋ᠢᠨ ᠬᠤᠷᠢᠶᠠᠬᠤᠢ — 》
ᠤᠶᠠᠩᠬ᠋᠎ᠠ ᠶ᠋ᠢᠨ ᠰᠢᠯᠦᠭ ᠡᠴᠡ ᠬᠠᠭᠤᠯᠪᠠ
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ ᠄ ᠣᠤᠠᠬᠠᠨᠰᠣᠠ᠋
ᠬᠢᠨᠠᠭᠴᠢ ᠄ ᠠᠵᠠᠵᠠᠶᠠᠬ᠋ᠠ
