ᠮᠠᠨᠲᠤᠭᠡᠷᠡᠯ ᠬᠠᠲᠤᠨ- ᠤᠷᠠᠳ ᠠᠷᠠᠳ ᠤᠨ ᠳᠠᠭᠤᠤМэндгөрөл хатан-урд ардын дуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨᠲᠤᠭᠡᠷᠡᠯ ᠬᠠᠲᠤᠨ- ᠤᠷᠠᠳ ᠠᠷᠠᠳ ᠤᠨ ᠳᠠᠭᠤᠤМэндгөрөл хатан-урд ардын дуу

ᠮᠠᠨᠲᠤᠭᠡᠷᠡᠯ ᠬᠠᠲᠤᠨ- ᠤᠷᠠᠳ ᠠᠷᠠᠳ ᠤᠨ ᠳᠠᠭᠤᠤМэндгөрөл хатан-урд ардын дуу

2023-03-17

461

ᠮᠠᠨᠲᠤᠭᠡᠷᠡᠯ ᠬᠠᠲᠤᠨ

    ᠤᠷᠠᠳ ᠠᠷᠠᠳ ᠤᠨ ᠳᠠᠭᠤᠤ

ᠮᠠᠨᠲᠤᠵᠤ ᠭᠠᠷᠬᠤ ᠨᠠᠷᠠᠨ ᠪ ᠭᠡᠷᠡᠯ ᠨᠢ  
ᠮᠠᠩᠬᠠᠨ ᠪ ᠳᠡᠭᠡᠭᠦᠷ ᠳᠤᠯᠠᠶ᠋ᠢᠨ ᠭᠠᠷᠤᠯ᠎ᠠ ᠳ᠋ᠠ
ᠮᠨᠨ ᠪ ᠲᠡᠷᠡ ᠨᠢᠭᠡ ᠮᠠᠨᠲᠤᠭᠡᠷᠡᠯ ᠊ᠢ
ᠮᠠᠷᠭᠠᠰᠢ ᠶᠢᠨ ᠪᠠᠬ᠋᠎ᠠ ᠦᠲᠡ ᠳᠤ ᠬᠦᠷᠭᠡᠭᠡᠳ ᠢᠷᠡᠬᠦ  ᠶᠢᠨ ᠶᠤᠮ

ᠤᠷᠭᠤᠵᠤ ᠭᠠᠷᠬᠤ ᠨᠠᠷᠠᠨ ᠪ ᠭᠡᠷᠡᠯ ᠨᠢ
ᠠᠭᠤᠯᠠᠨ ᠪ ᠳᠡᠭᠡᠭᠦᠷ ᠥᠩᠭᠡᠷᠡᠨ ᠭᠠᠷᠤᠯ᠎ᠠ ᠳ᠋ᠠ
ᠦᠦᠰᠢᠨ ᠬᠣᠰᠢᠭᠤᠨ ᠪ ᠮᠠᠨᠲᠤᠭᠡᠷᠡᠯ ᠮᠢᠨᠢ
ᠣᠯᠠᠨ ᠬᠥᠮᠦᠨ  ᠢᠶᠡᠷ ᠬᠦᠷᠭᠡᠭᠦᠯᠦᠭᠡᠳ ᠢᠷᠡᠬᠦ ᠶᠤᠮ

ᠥᠰᠦᠭᠰᠡᠨ ᠨᠤᠲᠤᠭ ᠮᠢᠨᠢ ᠦᠦᠰᠢᠨ ᠬᠣᠰᠢᠭᠤ ᠶᠤᠮ
ᠥᠭᠭᠦᠭᠰᠡᠨ ᠭᠠᠵᠠᠷ ᠮᠢᠨᠢ ᠤᠷᠠᠳ ᠤᠨ ᠪᠠᠷᠠᠭᠤᠨ ᠬᠦᠩ
ᠬᠡᠦᠬᠡᠨ ᠬᠥᠮᠦᠨ ᠤ ᠬᠤᠪᠢ ᠵᠠᠶᠠᠭ᠎ᠠ ᠪᠠᠢᠨ᠎ᠠ
ᠤᠷᠤᠭ ᠬᠠᠳᠠᠮ ᠤᠨ ᠶ᠋ᠢᠡᠨ ᠡᠭᠦᠳᠡᠨ ᠲᠤ

ᠤᠷᠠᠳ ᠤᠨ ᠨᠤᠲᠤᠭ ᠰᠠᠢᠬᠠᠨ ᠪᠠᠢᠨ᠎ᠠ ᠬᠦᠢ
ᠤᠴᠠᠷᠠᠭᠰᠠᠨ ᠭᠠᠵᠠᠷ ᠵᠢᠷᠤᠮ ᠎ᠲᠠᠢ ᠪᠠᠢᠨ᠎ᠠ ᠬᠦᠢ
ᠥᠩᠰᠢᠭ ᠰᠠᠢᠬᠠᠨ ᠣᠷᠣᠨ ᠪᠠᠢᠨ᠎ᠠ ᠬᠦᠢ
ᠥᠪᠡᠷ  ᠤᠨ ᠮᠠᠨ ᠪ ᠬᠤᠪᠢ ᠪᠠᠢᠨ᠎ᠠ ᠬᠦᠢ
ᠥᠪᠡᠷ  ᠤᠨ ᠮᠠᠨ ᠪ ᠬᠤᠪᠢ ᠪᠠᠶ᠋ᠢᠨ᠎ᠠ ᠬᠦᠢ

   ᠦᠰᠦᠭ ᠠᠮᠢᠯᠠᠭᠤᠯᠤᠭᠰᠠᠨ ᠄ ᠲᠣᠲᠣᠭᠡᠷᠡᠯ
   ᠬᠢᠨᠠᠭᠰᠠᠨ ᠨᠢ᠄ ᠣᠲᠣᠨ