ᠨᠠᠮᠬᠠᠨ ᠪᠣᠷᠣ ᠲᠤᠯᠤᠭᠠᠳ- ᠳᠠᠢᠳᠤ ᠶ᠋ᠢᠨ ᠳᠤᠷᠠᠨ- ᠭ᠂ ᠴᠢᠩᠪᠠᠭᠠᠲᠤᠷ ᠦᠨ ᠴᠡᠴᠡᠨᠨᠣᠮНамхан бор долоод-дайдын дуран-г, чанбаатарын цацаном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠬᠠᠨ ᠪᠣᠷᠣ ᠲᠤᠯᠤᠭᠠᠳ- ᠳᠠᠢᠳᠤ ᠶ᠋ᠢᠨ ᠳᠤᠷᠠᠨ- ᠭ᠂ ᠴᠢᠩᠪᠠᠭᠠᠲᠤᠷ ᠦᠨ ᠴᠡᠴᠡᠨᠨᠣᠮНамхан бор долоод-дайдын дуран-г, чанбаатарын цацаном

ᠨᠠᠮᠬᠠᠨ ᠪᠣᠷᠣ ᠲᠤᠯᠤᠭᠠᠳ- ᠳᠠᠢᠳᠤ ᠶ᠋ᠢᠨ ᠳᠤᠷᠠᠨ- ᠭ᠂ ᠴᠢᠩᠪᠠᠭᠠᠲᠤᠷ ᠦᠨ ᠴᠡᠴᠡᠨᠨᠣᠮНамхан бор долоод-дайдын дуран-г, чанбаатарын цацаном

2023-03-17

339

ᠨᠠᠮᠬᠠᠨ ᠪᠣᠷᠣ ᠲᠤᠯᠤᠭᠠᠳ- ᠳᠠᠢᠳᠤ ᠶ᠋ᠢᠨ ᠳᠤᠷᠠᠨ

   ᠬᠥᠬᠡᠬᠣᠲᠠ ᠶ᠋ᠢᠨ ᠮᠣᠩᠭᠣᠯ ᠦᠨᠲᠦᠰᠦᠲᠡᠨ ᠪ ᠰᠤᠷᠭᠠᠭᠤᠯᠢ ᠶ᠋ᠢᠨ ᠠᠩᠬ᠎ᠠ ᠭᠤᠷᠪᠠ ᠶ᠋ᠢᠨ ᠰᠤᠷᠤᠭᠴᠢ
ᠭ ᠂ ᠴᠢᠩᠪᠠᠭᠠᠲᠤᠷ ᠦᠨ ᠴᠡᠴᠡᠨᠨᠣᠮ

   ᠰᠠᠷᠠ ᠲᠠᠢ ᠰᠥᠨᠢ ᠶ᠋ᠢᠨ ᠣᠲᠣᠨ ᠮᠡᠴᠢᠳ ᠰᠢᠭ᠌ ᠣᠯᠠᠨ ᠰᠠᠶ᠋ᠢᠬᠠᠨ ᠡᠲᠦᠷ ᠬᠣᠨᠣᠭ ᠦ᠋ᠳ
   ᠰᠠᠢᠬᠠᠨ ᠯᠡ ᠶᠤᠮ ᠰᠢᠭ᠋ ᠨᠠᠲᠠ ᠠ᠋ᠴᠠ ᠡᠭᠦᠷᠢᠲᠡ ᠬᠣᠯᠠᠲᠠᠨ ᠣᠲᠤᠨ᠎ᠠ
   ᠰᠠᠨᠠᠬ᠋᠎ᠠ ᠰᠡᠤᠠᠬᠢᠯ  ᠳᠤ ᠮᠥᠩᠬᠡᠲᠡ ᠬᠣᠨᠣᠭᠰᠢᠬᠰᠠᠨ ᠨᠠᠮᠬᠠᠨ ᠪᠣᠷᠣ ᠲᠤᠯᠤᠭᠠᠳ
   ᠰᠠᠯᠬᠢᠨ ᠯᠡ ᠶᠤᠮ ᠰᠢᠭ᠋ ᠰᠡᠤᠠᠬᠢᠯ ᠦ᠋ᠨ ᠦᠵᠦᠭᠦᠷ ᠊ᠢ ᠦᠯᠢᠶᠡᠯᠬᠢᠯᠡᠨ ᠱᠣᠣᠬᠢᠨ᠎ᠠ ᠃
   ᠨᠤᠲᠤᠭ  ᠲᠤ ᠪᠠᠨ ᠬᠠᠷᠢᠵᠤ ᠬᠥᠲᠡᠭᠡ ᠶ᠋ᠢᠨ ᠰᠢᠷ᠎ᠠ ᠵᠥᠷᠢᠭ ᠶ᠋ᠢᠡᠷ ᠠᠶᠠᠯᠠᠬᠤ  ᠳᠤ ᠬᠠᠮᠤᠭ ᠠ᠋ᠴᠠ ᠤᠷᠢᠳ ᠶ᠋ᠢᠠᠷ ᠨᠢᠲᠦᠨ ᠳᠤ ᠲᠣᠲᠣᠷᠠᠨ ᠬᠠᠷᠠᠭᠲᠠᠲᠠᠭ ᠨᠢ ᠨᠤᠲᠤᠭ ᠦ᠋ᠨ ᠮᠢᠨᠢ ᠲᠡᠷᠡ ‍ᠬᠦ ᠨᠠᠮᠬᠠᠨ ᠲᠤᠯᠤᠭᠠᠳ ᠶᠤᠮ ᠃ ᠲᠣᠮᠣᠴᠤᠤᠯ ᠦ᠋ᠨ ᠬᠡᠯᠡᠬᠦ ᠪᠡᠷ ᠪᠢ ᠨᠠᠮᠬᠠᠨ ᠪᠣᠷᠣ ᠲᠤᠯᠤᠭᠠᠳ ᠦ᠋ᠨ ᠶ᠋ᠢᠠᠨ ᠡᠩᠭᠡᠷ  ᠲᠤ ᠬᠥᠯ ᠳᠤ ᠣᠷᠣᠭᠰᠠᠨ ᠭᠡᠲᠡᠭ ᠂ ᠪᠦᠲᠦᠷᠢᠵᠦ ᠤᠨᠠᠭᠠᠳ ᠪᠣᠰᠬᠤ ᠶ᠋ᠢᠨ ᠵᠢᠷᠭᠠᠯ ᠊ᠢ ᠮᠡᠲᠡᠷᠡᠭᠦᠯᠦᠭᠰᠡᠨ ᠠᠪᠤ ᠶ᠋ᠢᠨ ᠮᠥᠷ ᠲᠡᠢ ᠨᠤᠲᠤᠭ ᠦ᠋ᠨ ᠰᠢᠷᠣᠢ ᠶᠠᠭ ᠯᠠ ᠨᠠᠮᠬᠠᠨ ᠪᠣᠷᠣ ᠲᠤᠯᠤᠭᠠᠳ ᠰᠢᠭ᠋ ᠶ᠋ᠢᠡᠨ ᠳᠤᠯᠠᠭᠠᠬᠠᠨ ᠡ  ᠃ ᠨᠠᠮᠬᠠᠨ ᠪᠣᠷᠣ ᠳᠣᠯᠣᠭᠠᠳ ᠮᠢᠨᠢ ᠤᠤᠯ ᠨᠢ ᠨᠡᠯᠦᠭᠡᠷ ᠶᠡᠬᠡ ᠲᠠᠩᠭᠢᠰ ᠳᠠᠯᠠᠢ ᠶ᠋ᠢᠨ ᠳᠤᠮᠳᠠᠬᠢ ᠵᠢᠵᠢᠭᠬᠡᠨ ᠠᠷᠠᠯ ᠪᠠᠶ᠋ᠢᠵᠤ ᠂ ᠮᠢᠩᠭᠠᠨ ᠵᠢᠯ ᠦ᠋ᠨ ᠤᠷᠲᠤ ᠤᠲᠠᠭᠠᠨ ᠣᠨ ᠰᠠᠷ᠎ᠠ  ᠳᠤ ᠲᠠᠩᠭᠢᠰ ᠰᠢᠷᠭᠢᠨ ᠂ ᠦᠵᠦᠭᠦᠷ ᠦᠭᠡᠢ ᠶᠡᠬᠡ ᠡᠯᠡᠰᠦ ᠮᠠᠩᠬᠠᠨ ᠳᠠᠯᠠᠢ ᠪᠣᠯᠵᠤ ᠂ ᠨᠠᠮᠬᠠᠨ ᠪᠣᠷᠣ ᠳᠣᠯᠣᠭᠠᠳ ᠮᠢᠨᠢ ᠲᠡᠨᠲᠡ ᠪᠡᠨ ᠪᠤᠮᠪᠠᠶ᠋ᠢᠨ ᠬᠣᠴᠣᠷᠤᠭᠰᠠᠨ ᠴᠤ᠌ ᠪᠣᠯᠪᠠ ‍ᠤᠤ ᠬᠡᠮᠡᠨ ᠰᠡᠤᠠᠬᠢᠯ ᠳᠣᠲᠣᠷ᠎ᠠ ᠪᠠᠨ ᠰᠡᠮᠬᠡᠨ ᠪᠣᠲᠣᠲᠠᠭ ᠪᠠᠶ᠋ᠢᠯ᠎ᠠ ᠃
    
ᠨᠠᠷᠠ ᠰᠢᠭ᠋ ᠮᠠᠨᠲᠤᠬᠤ ᠡᠭᠦᠷᠢᠲᠡ ᠮᠥᠬᠥᠬᠦ ᠦᠭᠡᠢ ᠡᠬᠡ ᠣᠷᠣᠨ ᠪᠤᠶᠤ ᠨᠠᠶ᠋ᠢᠷᠠᠭ ᠰᠢᠭ᠋ ᠤᠶᠠᠩᠭᠠᠯᠠᠬᠤ ᠡᠭᠦᠷᠢᠲᠡ ᠪᠠᠯᠠᠷᠠᠰᠢ ᠦᠭᠡᠢ ᠪᠠᠬ᠋᠎ᠠ ᠨᠠᠰᠤ ᠬᠣᠶᠠᠷ ᠮᠠᠨᠢ ᠨᠠᠮᠬᠠᠨ ᠪᠣᠷᠣ ᠳᠣᠯᠣᠭᠠᠳ ᠦ᠋ᠨ ᠶ᠋ᠢᠠᠨ ᠡᠩᠭᠡᠷ  ᠲᠤ ᠪᠠᠭᠲᠠᠯᠴᠠᠲᠠᠭ ᠪᠠᠶ᠋ᠢᠬᠰᠠᠨ  ᠃ ᠪᠠᠬ᠋᠎ᠠ ᠨᠠᠰᠤᠨ ᠪ ᠮᠢᠨᠢ ᠣᠯᠠᠨ ᠰᠠᠶ᠋ᠢᠬᠠᠨ ᠳᠤᠷᠠᠳᠬᠠᠯ ᠠᠪᠴᠤ ᠬᠣᠴᠣᠷᠤᠭᠰᠠᠨ ᠨᠡᠷ᠎ᠡ ᠦᠭᠡᠢ ᠪᠣᠷᠣ ᠳᠣᠯᠣᠭᠠᠳ  ᠲᠤ ᠪᠠᠨ ᠪᠢ ᠳᠡᠩᠳᠡᠭᠦᠦ ᠬᠠᠶ᠋ᠢᠷᠠᠲᠠᠢ ᠃ ᠵᠤᠨ ᠪᠣᠯᠬᠤ ᠪᠠᠷ ᠳᠣᠯᠣᠭᠠᠳ ᠦ᠋ᠨ ᠡᠩᠭᠡᠷ  ᠲᠤ ᠳᠦᠭᠦᠷᠡᠩ ᠴᠠᠭᠠᠨ ᠴᠡᠴᠡᠭᠡᠰ ᠳᠡᠯᠭᠡᠷᠡᠨ ᠂ ᠬᠤᠯᠠ ᠠ᠋ᠴᠠ ᠬᠠᠷᠠᠬᠤ ᠳᠤ ᠶᠠᠭ ᠯᠠ ᠳᠣᠮᠣᠭ ᠦ᠋ᠨ ᠴᠠᠭᠠᠨ ᠶᠢᠷᠲᠢᠨᠴᠦ ᠳᠤ ᠣᠷᠣᠭᠠᠳ ᠢᠷᠡᠴᠢᠭᠡᠭᠰᠡᠨ ᠬᠡᠮᠡᠷ ᠃ ᠬᠠᠶᠠ ᠪᠢᠲᠡ ᠠᠶ᠋ᠢᠯ ᠦ᠋ᠨ ᠬᠡᠦᠬᠡᠳ ᠦ᠋ᠳ ᠲᠡᠢ ᠬᠠᠮᠲᠤ ᠳᠣᠯᠣᠭᠠᠳ ᠦ᠋ᠨ ᠡᠩᠭᠡᠷ ᠡᠴᠡ ᠬᠦᠮᠡᠯᠢ ᠲᠡᠭᠦᠲᠡᠭ ᠂ ᠴᠡᠴᠡᠭᠡᠰ ᠦ᠋ᠨ ᠬᠠᠵᠠᠭᠤ  ᠳᠤ ᠪᠤᠯᠲᠠᠶ᠋ᠢᠨ ᠤᠷᠭᠤᠭᠰᠠᠨ ᠬᠦᠮᠡᠯᠢ ᠶ᠋ᠢ ᠪᠢᠲᠡ ᠬᠡᠲᠦᠭᠦᠯᠡ ᠣᠯᠵᠠᠷᠬᠠᠨ ᠲᠡᠭᠦᠵᠦ ᠂ ᠦᠲᠡᠰᠢ ᠶ᠋ᠢᠨ ᠵᠢᠷᠭᠠᠬᠤ ᠨᠠᠷᠠ ᠲᠠᠢ ᠬᠠᠮᠲᠤ ᠭᠡᠷ ᠤᠷᠤᠭᠤ ᠪᠠᠨ ᠠᠯᠬᠤᠯᠠᠲᠠᠭ ᠨᠠᠷᠠ ᠲᠠᠢ ᠰᠠᠷᠠ ᠲᠠᠢ ᠬᠣᠷᠸ᠋᠎ᠠ ᠶ᠋ᠢᠨ ᠰᠢᠷ᠎ᠠ ᠡᠲᠦᠷ ᠪᠣᠷᠣ ᠬᠣᠨᠣᠭ ᠦ᠋ᠳ ᠶᠠᠭ ᠯᠠ ᠰᠠᠢᠬᠠᠨ ᠰᠢᠭ᠋ ᠰᠠᠨᠠᠭᠲᠠᠨ᠎ᠠ ᠃ ᠲᠤᠯᠤᠭᠠᠳ ᠦ᠋ᠨ ᠡᠩᠭᠡᠷ ᠦ᠋ᠨ ᠳᠡᠷᠡᠰᠦᠨ ᠳᠤ ᠬᠡᠪᠲᠡᠭᠰᠡᠨ ᠲᠠᠤᠯᠠᠢ ᠪᠢᠲᠡᠨ ᠡᠴᠡ ᠦᠷᠭᠦᠭᠰᠡᠨ  ᠳᠤ ᠪᠡᠨ ᠰᠡᠭᠦᠯ ᠶ᠋ᠢᠡᠨ ᠭᠣᠲᠣᠭᠣᠨᠠᠭᠤᠯᠤᠨ ᠵᠢᠭᠤᠲᠠᠬᠤ ᠪᠣᠯᠤᠭᠰᠠᠨ ᠂ ᠲᠡᠭᠡᠬᠦ  ᠳᠤ ᠨᠠᠮᠬᠠᠨ ᠪᠣᠷᠣ ᠲᠤᠯᠤᠭᠠᠳ ᠮᠠᠨᠢ ᠤᠴᠠᠭᠠᠷᠯᠠᠭᠰᠠᠨ ᠪᠣᠯᠤᠯᠲᠠᠢ  ᠂ ᠲᠡᠨᠲᠡ ᠪᠡᠨ ᠭᠠᠭᠴᠠᠭᠠᠷᠬᠠᠨ ᠶ᠋ᠢᠠᠨ ᠲᠦᠩᠰᠦᠶ᠋ᠢᠨ ᠰᠠᠭᠤᠨ᠎ᠠ ᠃
   
ᠴᠠᠭᠠᠨ ᠰᠠᠷ᠎ᠠ ᠪᠠᠷ ᠪᠢ ᠨᠤᠲᠤᠭ ᠲᠦ ᠪᠠᠨ ᠬᠠᠷᠢᠯ᠎ᠠ ᠃ ᠨᠠᠮᠬᠠᠨ ᠪᠣᠷᠣ ᠲᠤᠯᠤᠭᠠᠳ ᠮᠢᠨᠢ ᠬᠠᠯᠴᠠᠭᠠᠶ᠋ᠢᠷᠠᠭᠰᠠᠨ  ᠳᠤ ᠪᠠᠨ ᠢᠴᠢᠭᠰᠡᠨ ᠶᠤᠮ ᠰᠢᠭ᠌ ᠥᠪᠴᠢ  ᠳᠤ ᠪᠡᠨ ᠴᠠᠰᠤᠨ  ᠳᠤ ᠳᠠᠷᠤᠭᠳᠠᠵᠤ ᠂ ᠪᠤᠮᠪᠠᠶ᠋ᠢᠬᠰᠠᠨ ᠬᠡᠪ ᠶ᠋ᠢᠡᠷ ᠶ᠋ᠢᠡᠨ ᠪᠠᠶ᠋ᠢᠪᠠ ᠃ ᠮᠥᠰᠥ ᠴᠠᠰᠤᠨ ᠶᠢᠷᠲᠢᠨᠴᠦ  ᠳᠤ ᠪᠣᠮᠪᠣᠶ᠋ᠢᠨ ᠬᠠᠷᠠᠭᠲᠠᠬᠤ ᠪᠣᠷᠣ ᠲᠤᠯᠤᠭᠠᠳ ᠮᠢᠨᠢ ᠵᠢᠷᠤᠭ ᠦ᠋ᠨ ᠴᠤ᠌ ᠶᠤᠮ ᠰᠢᠭ᠋ ᠂ ᠳᠣᠮᠣᠭ ᠦ᠋ᠨ ᠴᠤ᠌ ᠶᠤᠮ ᠰᠢᠭ᠋ ᠨᠢᠲᠦᠨ  ᠳᠤ ᠳᠣᠲᠣᠨᠣᠬᠠᠨ ᠬᠠᠷᠠᠭᠲᠠᠨ᠎ᠠ ᠃ ᠡᠪᠦᠯ ᠦ᠋ᠨ ᠰᠥᠨᠢ ᠶ᠋ᠢᠨ ᠤᠷᠲᠤ ᠪᠠᠷ ᠰᠠᠷᠠᠨ ᠪ ᠭᠡᠭᠡᠨ  ᠳᠤ ᠠᠲᠠᠭᠠᠷᠬᠠᠨ ᠭᠡᠷᠡᠯᠲᠡᠭᠰᠡᠨ ᠣᠲᠣᠳ ᠨᠠᠮᠬᠠᠨ ᠪᠣᠷᠣ ᠲᠤᠯᠤᠭᠠᠳ ᠲᠠᠢ ᠮᠢᠨᠢ ᠶᠠᠭᠤ ᠨᠢᠭᠡ ᠶ᠋ᠢ ᠰᠢᠪᠡᠨᠡᠩᠬᠡᠨ ᠶᠠᠷᠢᠵᠤ ᠂ ᠥᠩᠭᠡᠷᠡᠨ ᠣᠲᠤᠭᠰᠠᠨ ᠮᠢᠩᠭᠠᠨ ᠵᠢᠯ ᠦ᠋ᠨ ᠤᠷᠲᠤ ᠤᠲᠠᠭᠠᠨ ᠲᠡᠦᠬᠡ ᠪᠡᠨ ᠡᠷᠭᠢᠴᠡᠭᠦᠯᠦᠨ ᠬᠦᠦᠷᠨᠢᠵᠦ ᠂ ᠡᠪᠦᠯ ᠦ᠋ᠨ ᠰᠥᠨᠢ ᠶ᠋ᠢᠨ ᠰᠠᠭᠠᠲᠠᠭ ᠱᠠᠭᠰᠢᠮ᠎ᠠ ᠰᠠᠯᠬᠢᠨ ᠳᠤᠮᠳᠠ ᠪᠠᠷ᠎ᠠ  ᠪᠣᠯᠲᠠᠭ ᠪᠠᠶ᠋ᠢᠬ᠎ᠠ
    
ᠰᠢᠨᠡᠯᠡᠴᠢᠬᠡᠭᠡᠳ ᠪᠢᠲᠡ ᠠᠶᠠᠷᠯᠠᠬᠤ ᠪᠣᠯᠤᠯ᠎ᠠ ᠃ ᠨᠠᠮᠬᠠᠨ ᠪᠣᠷᠣ ᠲᠤᠯᠤᠭᠠᠳ ᠮᠢᠨᠢ ᠪᠦᠷ ᠤᠷᠤᠭᠤ ᠴᠢᠷᠠᠶ᠋ᠢᠯᠠᠴᠢᠬᠠᠭᠰᠠᠨ ᠂ ᠴᠠᠰᠤ ᠰᠢᠭᠤᠷᠠᠭᠰᠠᠨ ᠲᠠᠯ᠎ᠠ  ᠳᠤ ᠦᠢᠮᠡᠷᠡᠨ ᠬᠡᠪᠲᠡᠭᠰᠡᠭᠡᠷ ᠪᠠᠶ᠋ᠢᠪᠠ ᠲᠡᠷᠭᠡᠨ ᠴᠣᠩᠬᠣ ᠪᠠᠷ ᠭᠠᠲᠠᠭᠰᠢ ᠬᠠᠷᠠᠬᠤ  ᠳᠤ ᠪᠦᠬᠦ ᠵᠦᠢᠯ ᠬᠣᠯᠠᠲᠠᠨ ᠬᠣᠯᠠᠲᠠᠭᠰᠠᠭᠠᠷ ᠨᠠᠮᠬᠠᠨ ᠪᠣᠷᠣ ᠲᠤᠯᠤᠭᠠᠳ ᠮᠢᠨᠢ ᠴᠤ᠌ ᠵᠢᠵᠢᠭᠷᠡᠨ ᠵᠢᠵᠢᠭᠷᠡᠭᠰᠡᠭᠡᠷ ᠁
    
ᠨᠠᠲᠠ  ᠳᠤ ᠤᠴᠠᠷᠠᠬᠤ ᠶ᠋ᠢᠨ ᠵᠢᠷᠭᠠᠯ ᠂ ᠰᠠᠯᠤᠯᠴᠠᠬᠤ ᠶ᠋ᠢᠨ ᠭᠤᠨᠢᠬ ᠊ᠢ ᠡᠲᠯᠡᠭᠦᠯᠦᠭᠰᠡᠨ ᠨᠠᠮᠬᠠᠨ ᠪᠣᠷᠣ ᠲᠤᠯᠤᠭᠠᠳ ᠮᠢᠨᠢ ᠬᠥᠲᠡᠭᠡ ᠶ᠋ᠢᠨ ᠰᠢᠷ᠎ᠠ ᠵᠠᠮ ᠦ᠋ᠨ ᠠᠭᠤᠯᠵᠠᠷ ᠲᠤ ᠪᠣᠲᠣᠯ ᠳᠤ ᠪᠠᠨ ᠳᠠᠷᠤᠭᠳᠠᠨ ᠪᠣᠮᠪᠠᠶ᠋ᠢᠬᠰᠠᠭᠠᠷ ᠃ ᠲᠠᠩᠭᠢᠰ ᠳᠠᠯᠠᠢ ᠡᠵᠢ ᠪᠡᠨ ᠰᠠᠨᠠᠨ ᠡᠯᠡᠰᠦᠨ ᠳᠠᠯᠠᠢ ᠶ᠋ᠢ ᠰᠢᠷᠲᠡᠭᠰᠡᠭᠡᠷ ᠂ ᠮᠢᠩᠭᠠᠨ ᠵᠢᠯ ᠦ᠋ᠨ ᠠᠯᠲᠠᠬ᠋᠎ᠠ ᠣᠨᠣᠬ᠋᠎ᠠ ᠲᠠᠢ ᠠᠮᠢᠲᠤᠷᠠᠯ ᠦ᠋ᠨ ᠬᠡᠰᠡᠭ ᠪᠤᠰᠠᠭ ᠶ᠋ᠢᠠᠨ ᠡᠷᠭᠢᠴᠡᠭᠦᠯᠦᠭᠰᠡᠭᠡᠷ ᠂ ᠪᠤᠲᠠᠨ ᠪ ᠪᠣᠷᠣ ᠲᠠᠤᠯᠠᠢ ᠪᠠᠨ ᠰᠠᠨᠠᠨ ᠪᠢᠲᠡᠨ ᠊ᠢ ᠪᠤᠷᠤᠭᠤᠰᠢᠶᠠᠭᠰᠠᠭᠠᠷ ᠂ ᠲᠩᠷᠢ ᠳᠦᠭᠦᠷᠡᠩ ᠣᠲᠣᠳ ᠲᠠᠢ ᠪᠠᠨ ᠵᠣᠭᠣᠭ ᠳᠡᠯᠭᠡᠭᠰᠡᠭᠡᠷ ᠂ ᠠᠯᠢ ᠡᠰᠡᠬᠦᠯ᠎ᠡ ᠬᠦᠮᠡᠯᠢ ᠲᠡᠭᠦᠨ ᠭᠦᠶᠦᠲᠡᠭ ᠮᠠᠭᠤᠰᠠᠶ᠋ᠢᠨ ᠵᠢᠭᠠᠯ ᠦ᠋ᠳ ᠬᠡᠵᠢᠶ᠎ᠡ ᠢᠷᠡᠬᠦ ᠪᠣᠯ ᠳ᠋ᠠ ᠬᠡᠮᠡᠨ ᠪᠢᠲᠡᠨ ᠊ᠢ ᠪᠡᠨ ᠬᠦᠯᠢᠶᠡᠭᠰᠡᠭᠡᠷ ᠂ ᠣᠷᠴᠢᠯᠠᠩ ᠦ᠋ᠨ ᠪᠣᠷᠣ ᠲᠣᠭᠣᠰᠣᠨ ᠳᠤᠮᠳᠠ ᠳᠤᠪ ᠳᠤᠭᠤᠶ᠋ᠢᠬᠠᠨ ᠭᠠᠭᠴᠠᠭᠠᠷᠲᠠᠨ ᠪᠣᠮᠪᠠᠶ᠋ᠢᠬᠰᠠᠭᠠᠷ ᠪᠣᠯᠪᠠ ‍ᠤᠤ ᠁ ᠨᠠᠮᠬᠠᠨ ᠪᠣᠷᠣ ᠲᠤᠯᠤᠭᠠᠳ ᠮᠢᠨᠢ !

ᠵᠢᠯᠣᠭᠣᠲᠤᠭᠰᠠᠨ ᠪᠠᠭᠰᠢ ᠄ ᠬᠥᠬᠡᠬᠣᠲᠠ ᠶ᠋ᠢᠨ ᠮᠣᠩᠭᠣᠯ ᠦᠨᠲᠦᠰᠦᠲᠡᠨ ᠪ ᠰᠤᠷᠭᠠᠭᠤᠯᠢ ᠂ ᠯᠦᠨ᠎ᠠ
 
ᠦᠢᠮᠦᠷᠨᠨ ᠦᠢᠮᠡᠷᠡᠨ ᠭᠡᠵᠦ ᠦᠰᠦᠭ ᠠᠮᠢᠯᠠᠭᠤᠯᠤᠭᠴᠢ ᠠ᠋ᠴᠠ ᠵᠠᠰᠠᠵᠤ ᠪᠢᠴᠢᠵᠡᠢ


ᠦᠰᠦᠭ ᠠᠮᠢᠯᠠᠭᠤᠯᠤᠭᠴᠢ ᠄ ᠤᠤᠠᠬᠠᠨᠰᠣ‌‍ᠠ᠋
ᠬᠢᠨᠠᠭᠴᠢ ᠄ ᠪᠠᠯᠵᠢ
          2023.3.16 
 ᠳᠤ