ᠬᠡᠵᠢᠶᠡᠲᠡ ᠨᠢᠯᠬ᠎ᠠ ᠦᠷ᠎ᠡ - ᠭ · ᠴᠢᠩᠪᠠᠭᠠᠲᠤᠷ Хэзээд нялх үр     -   Г · Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠵᠢᠶᠡᠲᠡ ᠨᠢᠯᠬ᠎ᠠ ᠦᠷ᠎ᠡ - ᠭ · ᠴᠢᠩᠪᠠᠭᠠᠲᠤᠷ Хэзээд нялх үр     -   Г · Чинбаатар

ᠬᠡᠵᠢᠶᠡᠲᠡ ᠨᠢᠯᠬ᠎ᠠ ᠦᠷ᠎ᠡ - ᠭ · ᠴᠢᠩᠪᠠᠭᠠᠲᠤᠷ Хэзээд нялх үр     -   Г · Чинбаатар

2023-03-17

314

ᠬᠡᠵᠢᠶᠡᠲᠡ ᠨᠢᠯᠬ᠎ᠠ ᠦᠷ᠎ᠡ


               ᠭ · ᠴᠢᠩᠪᠠᠭᠠᠲᠤᠷ

 ᠨᠠᠮᠬᠠᠨ ᠨᠠᠮᠬᠠᠨ ᠳᠣᠯᠣᠭᠠᠳ ᠶ᠋ᠢᠠᠨ ᠰᠠᠨᠠᠭᠰᠠᠭᠠᠷ ᠶᠠᠪᠤᠬᠤ ᠶ᠋ᠢᠨ ᠴᠠᠭ ᠲᠤ
 ᠨᠠᠮᠤᠷ ᠨᠠᠮᠤᠷ ᠦ᠋ᠨ ᠬᠢᠷᠠᠭᠤ ᠶ᠋ᠢ ᠪᠤᠭᠤᠷᠤᠯ  ᠳᠤ ᠪᠣᠲᠣᠬ᠋᠎ᠠ ᠦᠭᠡᠢ ᠶᠠᠪᠤᠯ᠎ᠠ
 ᠨᠠᠮ᠎ᠠ ᠶ᠋ᠢ ᠰᠠᠨᠠᠨ ᠡᠩᠰᠡᠷᠡᠬᠦ ᠭᠠᠭᠴᠠᠬᠠᠨ ᠡᠵᠢ  ᠳᠤ ᠪᠡᠨ ᠣᠴᠢᠬᠤᠯᠠᠷ
 ᠨᠢᠯᠬ᠎ᠠ ᠪᠠᠯᠴᠢᠷ ᠨᠠᠰᠤᠨ  ᠳᠤ ᠪᠠᠨ ᠪᠠᠶ᠋ᠢᠬ᠋᠎ᠠ ᠴᠦ᠍ ᠶᠤᠮ ᠰᠢᠭ᠋ ᠡᠷᠬᠡᠯᠡᠯ᠎ᠡ
 ᠴᠡᠩᠭᠡᠷ ᠴᠡᠩᠭᠡᠷ ᠢᠷᠭᠤᠢ ᠪᠠᠨ ᠵᠡᠭᠦᠳᠦᠯᠡᠭᠰᠡᠭᠡᠷ ᠶᠠᠪᠤᠬᠤ ᠶ᠋ᠢᠨ ᠴᠠᠭ ᠲᠦ
 ᠴᠡᠴᠡᠭ ᠦ᠋ᠨ ᠨᠢᠯᠪᠤᠰᠤ ᠰᠢᠭᠦᠲᠡᠷᠢ ᠶ᠋ᠢ ᠡᠭᠰᠢᠨ᠎ᠡ ᠴᠦ᠍ ᠬᠡ ᠦᠭᠡᠢ ᠪᠤᠲᠤᠯ᠎ᠠ
 ᠴᠢᠮᠡᠭᠡ ᠦᠭᠡᠢ ᠰᠢᠷᠦᠭᠦᠨ ᠬᠠᠷᠠᠴᠠ ᠲᠠᠢ ᠠᠪᠤ ᠪᠠᠨ ᠰᠠᠨᠠᠭᠰᠠᠭᠠᠷ ᠬᠠᠷᠢᠬᠤ ᠳ᠋ᠠᠭᠠᠨ
 ᠴᠡᠭᠡᠯ ᠳ᠋ᠡᠭᠡᠨ ᠲᠤᠯᠤᠭᠰᠠᠨ ᠨᠠᠰᠤ ᠪᠠᠨ ᠮᠠᠷᠲᠠᠨ ᠪᠠᠶ᠋ᠢᠵᠤ ᠦᠨᠦᠰᠦᠭᠦᠯᠦᠯ᠎ᠡ
 ᠱᠠᠭᠠᠨ ᠱᠠᠭᠠᠨ ᠴᠢᠯᠠᠭᠤᠳ ᠶ᠋ᠢᠠᠨ ᠦᠭᠡᠢᠯᠡᠭᠰᠡᠭᠡᠷ ᠶᠠᠪᠤᠬᠤ ᠶ᠋ᠢᠨ ᠴᠠᠭ ᠲᠦ
 ᠱᠠᠩᠲᠤ ᠶ᠋ᠢᠨ ᠭᠣᠣᠯ ᠦ᠋ᠨ ᠤᠰᠤ ᠶ᠋ᠢ ᠰᠢᠷᠭᠢᠨ᠎ᠡ ᠭᠡᠵᠦ ᠰᠠᠨᠠᠬ᠋᠎ᠠ ᠦᠭᠡᠢ 
 ᠰᠠᠶ᠋ᠢᠨ ᠪᠦᠬᠦᠨ ᠪ  ᠦᠯᠵᠡᠢ ᠶ᠋ᠢ ᠰᠦ᠋ ᠪᠠᠨ ᠡᠷᠭᠦᠨ ᠢᠷᠦᠭᠡᠭᠰᠡᠨ
 ᠰᠠᠶ᠋ᠢᠬᠠᠨ ᠡᠵᠢ ᠶ᠋ᠢᠨ ᠳᠡᠷᠭᠡᠳᠡ ᠲᠣᠮᠣᠭᠠᠵᠢᠨ᠎ᠠ ᠬᠡᠵᠦ ᠴᠦ᠍ ᠪᠣᠲᠣᠬ᠋᠎ᠠ ᠦᠭᠡᠢ
 ᠬᠦᠷᠡᠩ ᠬᠦᠷᠡᠩ ᠠᠭᠤᠯᠠᠰ ᠶ᠋ᠢᠠᠨ ᠡᠷᠢᠨ ᠲᠡᠮᠡᠦᠯᠵᠦ ᠶᠠᠪᠤᠬᠤ ᠳ᠋ᠠᠭᠠᠨ
 ᠬᠥᠮᠦᠨ ᠪ ᠨᠤᠲᠤᠭ ᠦ᠋ᠨ ᠰᠢᠷᠣᠢ ᠡᠴᠡ ᠨᠤᠲᠤᠭ ᠶ᠋ᠢᠠᠨ ᠯᠡ ᠭᠡᠵᠦ ᠬᠠᠷᠢᠯ᠎ᠠ
 ᠬᠦᠦ ᠶ᠋ᠢᠨ ᠶ᠋ᠢᠡᠨ ᠰᠠᠶ᠋ᠢᠨ  ᠳᠤ ᠪᠠᠶᠠᠷᠯᠠᠭᠰᠠᠨ ᠭᠦᠲᠦᠰᠬᠡᠨ ᠠᠪᠤ ᠶ᠋ᠢᠨ ᠳᠡᠷᠭᠡᠳᠡ
 ᠬᠡᠦᠬᠡᠳ ᠨᠢᠯᠬ᠎ᠠ ᠨᠠᠰᠤᠨ ᠳ᠋ᠠᠭᠠᠨ ᠪᠠᠶ᠋ᠢᠬ᠋᠎ᠠ ᠶᠤᠮ  ᠰᠢᠭ᠋ ᠡᠷᠬᠡᠯᠡᠯ᠎ᠡ ᠃

     ᠦᠰᠦᠭ ᠠᠮᠢᠯᠠᠭᠤᠯᠤᠭᠴᠢ ᠄ ᠪᠣᠣ ᠴᠢᠩ ᠬᠤ᠌
          ᠬᠢᠨᠠᠬᠴᠢ ᠄ ᠪᠠᠯᠵᠢ