ᠴᠢᠯᠠᠭᠤᠨ ᠪᠦᠷᠭᠦᠳ - ᠭ ᠂ ᠴᠢᠡᠬ᠋ᠪᠠᠭᠠᠲᠤᠷ Чулуун бүргэд - Г᠂ Чиэхбаатар
ᠴᠢᠯᠠᠭᠤᠨ ᠪᠦᠷᠭᠦᠳ
ᠭ ᠂ ᠴᠢᠡᠬ᠋ᠪᠠᠭᠠᠲᠤᠷ
ᠡᠷᠲᠡ ᠨᠢᠭᠡᠨ ᠴᠠᠭ ᠲᠤ᠌ ᠬᠥᠬᠡ ᠲᠡᠭᠷᠢ ᠶ᠋ᠢᠨ ᠲᠠᠩᠨᠠᠢ ᠳ᠋ᠤ᠌
ᠡᠷᠡᠯᠬᠡᠭᠯᠡᠨ ᠨᠢᠰᠴᠦ ᠠᠭᠰᠠᠨ ᠡᠪᠦᠭᠡᠨ ᠪᠦᠷᠭᠦᠳ ᠬᠥᠭᠡᠷᠦᠬᠦᠢ
ᠰᠢᠷ᠎ᠠ ᠲᠠᠯ᠎ᠠ ᠶ᠋ᠢᠨ ᠴᠤᠨᠵᠢ ᠰᠢᠭ᠋ ᠲᠡᠦᠬᠡ ᠪᠣᠯᠤᠨ ᠲᠤᠮᠤᠭᠰᠢᠵᠤ
ᠰᠢᠷᠬ᠎ᠠ ᠲᠠᠢ ᠬᠥᠮᠦᠨ ᠴᠢᠯᠠᠭᠤ ᠰᠢᠭ᠋ ᠬᠠᠳᠠ ᠪᠣᠯᠤᠨ ᠳᠤᠭᠵᠢᠷᠠᠪᠠ ᠡ
ᠣᠯᠠᠨ ᠵᠠᠭᠤᠨ ᠪ ᠲᠡᠷᠲᠡᠭᠡ ᠲᠦᠷᠦᠭᠡ ᠪᠣᠰᠤᠭ᠎ᠠ ᠳᠠᠪᠬᠢᠵᠤ
ᠤᠤᠬᠠᠢ ᠳᠠᠭᠤᠯᠠᠭᠰᠠᠨ ᠳᠠᠶ᠋ᠢᠴᠢᠳ ᠮᠢᠨᠢ ᠡᠳᠦᠭᠡ ᠬᠠᠮᠢᠭ᠎ᠠ ᠶᠠᠪᠤᠪᠠ ᠡ
ᠥᠳᠥᠲᠦ ᠳᠠᠯᠢ ᠪᠠᠨ ᠰᠡᠮᠡᠷᠡᠲᠡᠯᠡ ᠣᠮᠣᠭ ᠪᠠᠷᠳᠠᠮ ᠳᠡᠭᠦᠯᠢᠵᠦ
ᠥᠨᠳᠥᠷ ᠴᠡᠭᠡᠯ ᠳ᠋ᠦ᠍ᠨᠢ ᠡᠷᠬᠡᠯᠡᠳᠡᠭ ᠬᠥᠬᠡ ᠲᠡᠭᠷᠢ ᠮᠢᠨᠢ ᠶᠠᠭᠠᠬᠢᠪᠠ ᠡ
ᠣᠮᠣᠭ ᠠᠰᠠᠭᠠᠭᠰᠠᠨ ᠲᠡᠦᠬᠡ ᠳᠣᠮᠣᠭ ᠪᠣᠯᠤᠨ ᠬᠠᠭᠤᠴᠢᠷᠠᠬᠤ ᠳ᠋ᠤ᠌
ᠣᠨ ᠴᠠᠭ ᠦ᠋ᠨ ᠰᠠᠯᠬᠢᠨ᠎ᠠ ᠢᠳᠡᠷ ᠵᠢᠭᠦᠷ ᠮᠢᠨᠢ ᠴᠢᠯᠡᠪᠡ ᠡ
ᠪᠠᠭᠤᠷᠢ ᠪᠣᠯᠤᠭᠰᠠᠨ ᠨᠡᠶ᠋ᠢᠰᠯᠡᠯ ᠦ᠋ᠨ ᠲᠥᠷᠥ ᠶ᠋ᠢ ᠬᠠᠷᠠᠵᠤ ᠮᠡᠭᠰᠢᠬᠦ ᠳ᠋ᠦ᠍
ᠪᠠᠭᠤᠷᠠᠢ ᠲᠦᠯᠦᠭᠡ ᠰᠢᠭ᠌ ᠬᠣᠶ᠋ᠢᠴᠢᠰ ᠦ᠋ᠨ ᠬᠢᠨᠢ ᠭᠤᠨᠢᠬ ᠦ᠋ᠨ ᠳᠠᠭᠤᠤ ᠰᠠᠨᠠᠭᠳᠠᠪᠠ ᠡ
ᠬᠡᠶ᠋ᠢᠪᠦᠩ ᠭᠣᠣᠯ ᠂ ᠬᠤᠷᠠᠬᠤ ᠶ᠋ᠢᠨ ᠠᠭᠤᠯᠠᠰ ᠂ ᠰᠢᠷ᠎ᠠ ᠴᠡᠴᠡᠭᠡᠰ ᠶ᠋ᠢᠡᠨ ᠬᠠᠶᠠᠭᠠᠳ
ᠬᠡᠵᠢᠶᠡᠨ ᠪ ᠪᠢ ᠪᠤᠷᠬᠠᠳ ᠦ᠋ᠨ ᠨᠤᠲᠤᠭ ᠲᠤ᠌ ᠶᠠᠪᠤᠴᠢᠬᠠᠮᠠᠷ ᠪᠠᠶ᠋ᠢᠭᠰᠠᠨ ᠴᠤ᠌
ᠥᠨᠳᠡᠭᠡ ᠪᠠᠶ᠋ᠢᠬᠤ ᠳ᠋ᠤ᠌ ᠮᠢᠨᠢ ᠪᠦᠭᠡᠴᠡᠶ᠋ᠢᠯᠡᠵᠦ ᠂ ᠦᠲᠦᠯᠡᠬᠦ ᠦᠶ᠎ᠡ ᠳ᠋ᠦ᠍ ᠮᠢᠨᠢ ᠡᠷᠭᠦᠭᠰᠡᠨ
ᠥᠯᠥᠭᠡᠢ ᠰᠠᠶ᠋ᠢᠬᠠᠨ ᠨᠤᠲᠤᠭ ᠶ᠋ᠢᠠᠨ ᠶᠠᠭᠠᠬᠢᠭᠠᠳ ᠴᠤ᠌ ᠲᠡᠪᠴᠢᠵᠦ ᠴᠢᠲᠠᠭᠰᠠᠨ ᠦᠭᠡᠢ
ᠲᠣᠯᠣᠭᠠᠢ ᠦᠭᠡᠢ ᠬᠥᠮᠦᠨ ᠴᠢᠯᠠᠭᠤᠳ ᠲᠤᠨᠢ ᠬᠠᠨᠢ ᠪᠤᠯᠬᠤ ᠰᠠᠨ ᠪᠢ
ᠲᠤᠷᠢᠬᠠᠨ ᠬᠡᠲᠦᠨ ᠪᠣᠯᠵᠣᠮᠣᠷ ᠲᠤᠨᠢ ᠨᠥᠮᠥᠷᠢ ᠪᠣᠯᠬᠤ ᠰᠠᠨ ᠪᠢ
ᠭᠡᠪᠡᠴᠦ
ᠬᠦᠯᠦᠭ ᠰᠠᠶ᠋ᠢᠬᠠᠨ ᠪᠠᠭᠠᠲᠤᠷ ᠦ᠋ᠳ ᠨᠣᠶ᠋ᠢᠷ ᠠ᠋ᠴᠠ ᠪᠠᠨ ᠰᠡᠷᠢᠭᠰᠡᠨ ᠴᠠᠭ ᠲᠤ᠌
ᠬᠥᠬᠡ ᠴᠡᠩᠬᠡᠷ ᠲᠩᠷᠢ ᠳ᠋ᠡᠭᠡᠨ ᠴᠠᠭᠠᠨ ᠱᠣᠩᠬᠣᠷ ᠰᠢᠭ᠋ ᠨᠢᠰᠦᠨ᠎ᠡ ᠳ᠋ᠡ ᠁
2008.12.16
ᠦᠰᠦᠭ ᠠᠮᠢᠯᠠᠭᠤᠯᠤᠭᠴᠢ᠄ ᠨᠠᠪᠴᠢ
ᠬᠢᠨᠠᠭᠴᠢ ᠄ ᠪᠠᠯᠵᠢ
