ᠪᠦᠰᠡᠭᠦᠢ ᠬᠥᠮᠦᠨ ᠊ᠢ ᠬᠠᠶ᠋ᠢᠷᠠᠯᠠᠭᠠᠴᠢ - ᠮ · ᠴᠢᠩᠪᠠᠲᠤ Бүсгүй хүн ᠊и хайрлаач - М· Чинбат
ᠪᠦᠰᠡᠭᠦᠢ ᠬᠥᠮᠦᠨ ᠊ᠢ ᠬᠠᠶ᠋ᠢᠷᠠᠯᠠᠭᠠᠴᠢ
ᠮ · ᠴᠢᠩᠪᠠᠲᠤ
ᠪᠦᠰᠡᠭᠦᠢ ᠬᠥᠮᠦᠨ ᠊ᠢ ᠬᠠᠶ᠋ᠢᠷᠠᠯᠠᠭᠠᠴᠢ
ᠦᠵᠡᠰᠬᠦᠯᠡᠩ ᠭᠣᠣᠠ ᠴᠢᠷᠠᠢ ᠳ᠋ᠤᠨᠢ
ᠭᠣᠨᠢᠬ ᠦ᠋ᠨ ᠡᠭᠦᠯᠡ ᠦᠭᠡᠢ ᠬᠠᠶ᠋ᠢᠷᠠᠯᠠᠭᠠᠴᠢ
ᠥᠷᠥ ᠵᠥᠭᠡᠯᠡᠨ ᠰᠡᠤᠠᠬᠢᠯ ᠳ᠋ᠦ᠍ᠨᠢ
ᠵᠣᠪᠠᠯ ᠦ᠋ᠨ ᠰᠡᠭᠦᠷᠡᠰᠦ ᠦᠭᠡᠢ ᠬᠠᠶ᠋ᠢᠷᠠᠯᠠᠭᠠᠴᠢ
ᠪᠦᠰᠡᠭᠦᠢ ᠬᠥᠮᠦᠨ ᠊ᠢ ᠬᠠᠶ᠋ᠢᠷᠠᠯᠠᠭᠠᠴᠢ
ᠲᠤᠩᠭᠠᠯᠠᠭ ᠬᠠᠷᠠ ᠨᠢᠲᠦᠨ ᠳ᠋ᠤᠨᠢ
ᠭᠠᠰᠢᠭᠤᠨ ᠨᠢᠯᠪᠤᠰᠤ ᠦᠭᠡᠢ ᠬᠠᠶ᠋ᠢᠷᠠᠯᠠᠭᠠᠴᠢ
ᠳᠤᠷᠠᠯᠠᠯ ᠬᠠᠶ᠋ᠢᠷᠠ ᠶ᠋ᠢᠨ ᠪᠣᠲᠣᠯ ᠳ᠋ᠤᠨᠢ
ᠡᠮᠵᠡᠭᠯᠡᠯ ᠰᠢᠷᠬᠠ ᠦᠭᠡᠢ ᠬᠠᠶ᠋ᠢᠷᠠᠯᠠᠭᠠᠴᠢ
ᠪᠦᠰᠡᠭᠦᠢ ᠬᠥᠮᠦᠨ ᠊ᠢ ᠬᠠᠶ᠋ᠢᠷᠠᠯᠠᠭᠠᠴᠢ
ᠡᠯᠢᠭᠡᠰᠡᠭ ᠲᠣᠲᠣᠨᠤ ᠠᠭᠠᠯᠢ ᠶ᠋ᠢ ᠨᠢ
ᠳᠣᠲᠤᠭᠠᠳᠤ ᠰᠡᠤᠠᠬᠢᠯ ᠡᠴᠡ ᠪᠡᠨ ᠬᠠᠶ᠋ᠢᠷᠠᠯᠠᠭᠠᠴᠢ
ᠡᠪ ᠦ᠋ᠨ ᠳᠤᠯᠠᠭᠠᠨ ᠬᠠᠷᠠᠴᠠ ᠶ᠋ᠢ ᠨᠢ
ᠳᠤᠨᠳᠠᠷᠠᠰᠢ ᠦᠭᠡᠢ ᠬᠠᠯᠠᠮᠵᠢ ᠪᠠᠷ ᠬᠠᠶ᠋ᠢᠷᠠᠯᠠᠭᠠᠴᠢ
ᠪᠦᠰᠡᠭᠦᠢ ᠬᠥᠮᠦᠨ ᠊ᠢ ᠬᠠᠶ᠋ᠢᠷᠠᠯᠠᠭᠠᠴᠢ
ᠢᠲᠡᠭᠡᠯ ᠬᠦᠰᠡᠯ ᠦ᠋ᠨ ᠰᠠᠶ᠋ᠢᠬᠠᠨ ᠊ᠢ
ᠤᠶᠠᠩᠭᠠᠯᠠᠵᠤ ᠳᠠᠭᠤᠯᠠᠵᠤ ᠵᠣᠷᠢᠭᠤᠯᠵᠤ ᠬᠠᠶ᠋ᠢᠷᠠᠯᠠᠭᠠᠴᠢ
ᠢᠨᠢᠶᠡᠲᠦ ᠪᠠᠶᠠᠰᠤᠯ ᠵᠢᠷᠭᠠᠯ ᠊ᠢ ᠨᠢ
ᠢᠮᠠᠭᠲᠠ ᠨᠠᠨᠲᠢᠩᠨᠠᠵᠤ ᠪᠠᠬᠠᠲᠤᠵᠤ ᠬᠠᠶ᠋ᠢᠷᠠᠯᠠᠭᠠᠴᠢ!
ᠦᠰᠦᠭ ᠠᠮᠢᠯᠠᠭᠤᠯᠤᠭᠰᠠᠨ ᠄ ᠲᠣᠲᠣᠭᠡᠷᠡᠯ
ᠬᠢᠨᠠᠭᠴᠢ ᠄ ᠣᠣᠬᠠᠨᠰᠣᠠ᠂ ᠮᠥᠩᠭᠦᠨᠴᠡᠴᠡᠭ
2023.3 ᠰᠠᠷᠠ ᠶ᠋ᠢᠨ8 ᠪ ᠡᠲᠦᠷ
