ᠪᠦᠰᠡᠭᠦᠢ ᠬᠥᠮᠦᠨ ᠴᠡᠴᠡᠭ ᠶᠤᠮ ᠰᠠᠨ — ᠭᠡᠷᠡᠯᠴᠢᠯᠠᠭᠤ Бүсгүй хүн цэцэг юм сан - Гэрэлчулуу
ᠪᠦᠰᠡᠭᠦᠢ ᠬᠥᠮᠦᠨ ᠴᠡᠴᠡᠭ ᠶᠤᠮ ᠰᠠᠨ
— ᠳᠡᠯᠡᠬᠡᠢ ᠶ᠋ᠢᠨ ᠡᠮᠡᠭᠲᠡᠢᠴᠦᠳ ᠦ᠋ᠨ 《3 ·8 》 ᠪ ᠪᠠᠶᠠᠷ ᠲᠦ ᠡᠷᠭᠦᠪᠡᠢ
ᠭᠡᠷᠡᠯᠴᠢᠯᠠᠭᠤ
ᠠᠮᠢᠲᠤᠷᠠᠯ ᠪᠦᠪᠡᠢᠯᠡᠭᠰᠡᠨ ᠪᠠᠶᠠᠷᠴᠡᠴᠩ
ᠠᠪᠤ ᠡᠵᠢ ᠳᠤ ᠪᠡᠨ ᠠᠩᠭᠢᠯᠦᠮᠠᠴᠡᠴᠡᠭ
ᠰᠤᠷᠭᠠᠯ ᠲᠠᠢ ᠠᠶ᠋ᠢᠯ ᠦ᠋ᠨ ᠰᠣᠷᠭᠣᠭ ᠴᠡᠴᠡᠭ
ᠡᠷ᠎ᠡ ᠨᠥᠬᠥᠷ ᠲᠦ ᠪᠡᠨ ᠡᠷᠳᠡᠨᠢᠴᠡᠴᠡᠭ
ᠦᠷ᠎ᠡ ᠪᠡᠨ ᠭᠡᠬᠦ ᠬᠠᠶ᠋ᠢᠷ᠎ᠠ ᠶ᠋ᠢᠨ ᠴᠡᠴᠡᠭ
ᠡᠷᠦᠬᠡ ᠭᠡᠷ ᠲᠤ ᠪᠡᠨ ᠥᠩᠭᠡ ᠶ᠋ᠢᠨ ᠴᠡᠴᠡᠭ
ᠰᠤᠤ ᠤᠬᠠᠭᠠᠨ ᠲᠠᠢ ᠰᠣᠶᠣᠯᠴᠡᠴᠡᠭ
ᠠᠵᠢᠯ ᠦᠢᠯᠡᠰ ᠲᠤ ᠪᠡᠨ ᠭᠡᠷᠡᠯᠴᠡᠴᠡᠭ
ᠤᠶ᠋ᠢᠯᠠ ᠣᠶᠣᠲᠠᠯ ᠳᠤ ᠪᠠᠨ ᠤᠷᠡᠨᠴᠡᠴᠡᠭ
ᠠᠨᠲᠠ ᠨᠠᠶ᠋ᠢᠵᠠ ᠳᠤ ᠪᠠᠨ ᠨᠠᠨᠲᠢᠨᠴᠡᠴᠡᠭ
ᠬᠠᠪᠤᠷ ᠴᠠᠭ ᠦ᠋ᠨ ᠬᠦᠢᠯᠡᠰᠦᠨᠴᠡᠴᠡᠭ
ᠵᠤᠨ ᠪ ᠤᠯᠠᠷᠢᠯ ᠦ᠋ᠨ ᠥᠨᠢᠷᠴᠡᠴᠡᠭ
ᠨᠠᠮᠤᠷ ᠦ᠋ᠨ ᠨᠠᠮᠤᠷ ᠳᠡᠯᠭᠡᠷᠴᠡᠴᠡᠭ
ᠡᠪᠦᠯ ᠰᠠᠭᠠᠲᠠᠭᠰᠠᠨ ᠲᠡᠷᠢᠭᠦᠯᠡᠭᠴᠢ ᠴᠡᠴᠡᠭ
ᠢᠲᠡᠭᠡᠯ ᠬᠤᠷᠤᠶ᠋ᠢᠯᠠᠭᠰᠠᠨ ᠮᠠᠩᠯᠠᠶ᠋ᠢᠴᠡᠴᠡᠭ
ᠵᠣᠷᠢᠬ ᠬᠥᠪᠴᠢᠯᠡᠭᠰᠡᠨ ᠭᠠᠩᠴᠡᠴᠡᠭ
ᠭᠠᠷ ᠭᠠᠷ ᠶ᠋ᠢᠠᠨ ᠬᠣᠯᠪᠣᠭᠰᠠᠨ ᠲᠡᠮᠦᠷᠴᠡᠴᠡᠭ
ᠣᠯᠠᠨ ᠪ ᠳᠤᠮᠳᠠ ᠪᠠᠨ ᠣᠲᠣᠨᠴᠡᠴᠡᠭ
ᠠᠯᠲᠠᠷ ᠬᠦᠨᠲᠦᠲᠠᠢ ᠬᠥᠲᠡᠯᠮᠦᠷᠢᠴᠢ ᠴᠡᠴᠡᠭ
ᠬᠤᠷᠢᠶᠠᠯᠲᠠ ᠰᠠᠶ᠋ᠢᠲᠠᠢ ᠡᠯᠪᠡᠭᠴᠡᠴᠡᠭ
ᠠᠮᠵᠢᠯᠲᠠ ᠳᠦᠭᠦᠷᠡᠩ ᠪᠠᠶᠨᠨᠴᠡᠴᠡᠭ
ᠠᠵᠠ ᠵᠢᠷᠭᠠᠯ ᠦ᠋ᠨ ᠪᠣᠶᠠᠨᠴᠡᠴᠡᠭ
ᠮᠠᠭᠲᠠᠭᠠᠳ ᠪᠠᠷᠠᠰᠢ ᠦᠭᠡᠢ ᠮᠢᠩᠭᠠᠨᠴᠡᠴᠡᠭ
ᠲᠣᠭᠠᠯᠠᠭᠠᠳ ᠪᠠᠷᠠᠬᠤ ᠦᠭᠡᠢ ᠲᠦᠮᠡᠨᠴᠡᠴᠡᠭ
ᠲᠥᠷᠥ ᠭᠦᠷᠦᠨ ᠪ ᠲᠤᠯᠭᠠᠭᠤᠷᠢ ᠴᠡᠴᠡᠭ
ᠵᠠᠭᠤᠨ ᠮᠢᠯᠢᠶᠠᠭᠰᠠᠨ ᠵᠤᠯᠠ ᠴᠡᠴᠡᠭ
ᠵᠤᠯᠭᠠᠷᠠᠰᠢ ᠦᠭᠡᠢ ᠮᠥᠩᠬᠡᠴᠡᠴᠡᠭ
ᠤᠲᠤᠮ ᠵᠠᠯᠭᠠᠨ ᠳᠡᠯᠭᠡᠷᠡᠬᠦ ᠪᠦᠰᠡᠭᠦᠢ ᠬᠥᠮᠦᠨ ᠴᠡᠴᠡᠭ ᠶᠤᠮ ᠰᠠᠨ
ᠪᠥᠮᠪᠥᠷᠴᠡᠭ ᠡᠵᠢ ᠶ᠋ᠢᠨ ᠬᠡᠦᠬᠡᠨ ᠨᠢ ᠶᠤᠮ ᠰᠠᠨ!
2023 ᠣᠨ ᠪ3 ᠰᠠᠷ᠎ᠠ ᠶ᠋ᠢᠨ8 ᠪ ᠡᠲᠦᠷ᠃
ᠦᠰᠦᠭ ᠠᠮᠢᠯᠠᠭᠤᠯᠤᠭᠴᠢ ᠄ ᠲᠣᠲᠣᠭᠡᠷᠡᠯ
ᠬᠢᠨᠠᠭᠴᠢ ᠄ ᠣᠣᠬᠠᠨᠰᠣᠠ ᠂ ᠮᠥᠩᠭᠦᠴᠡᠴᠡᠭ
