ᠡᠵᠢ ᠪᠤᠷᠬᠠᠨ- ᠷᠢ‍ · ᠰᠡᠴᠡᠨᠴᠣᠭᠲᠤЭэж бурхан-р · сэцнцогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠪᠤᠷᠬᠠᠨ- ᠷᠢ‍ · ᠰᠡᠴᠡᠨᠴᠣᠭᠲᠤЭэж бурхан-р · сэцнцогт

ᠡᠵᠢ ᠪᠤᠷᠬᠠᠨ- ᠷᠢ‍ · ᠰᠡᠴᠡᠨᠴᠣᠭᠲᠤЭэж бурхан-р · сэцнцогт

2023-03-17

518

ᠡᠵᠢ ᠪᠤᠷᠬᠠᠨ

       ᠷᠢ‍ · ᠰᠡᠴᠡᠨᠴᠣᠭᠲᠤ

ᠳᠡᠷᠭᠡᠳᠡ ᠭᠡᠷ ᠮᠢᠨᠢ ᠪᠠᠶ᠋ᠢᠬᠤ ᠳᠤ
ᠳᠡᠯᠡᠬᠡᠢ ᠳᠦᠭᠦᠷᠡᠩ ᠰᠦᠮ᠎ᠡ ᠪᠡᠷ ᠪᠢ ᠶᠠᠭᠠᠬᠢᠬᠤ ᠶᠤᠮ ᠪᠤᠢ
ᠠᠪᠲᠠᠷ᠎ᠠ ᠳᠤ ᠪᠠᠨ ᠰᠢᠬᠢᠷ ᠲᠡᠢ ᠡᠵᠢ ᠮᠢᠨᠢ ᠪᠠᠶ᠋ᠢᠬᠤ ᠳᠤ
ᠠᠯᠲᠠ ᠪᠠᠷ ᠰᠢᠷᠲᠡᠭᠰᠡᠨ ᠪᠤᠷᠬᠠᠨ ᠶ᠋ᠢᠠᠷ ᠪᠢ ᠶᠠᠭᠠᠬᠢᠬᠤ ᠶᠤᠮ ᠪᠤᠢ

ᠡᠭᠡᠰᠢᠭ ᠳᠣᠯᠣᠭᠠᠨ ᠦᠰᠦᠭ ᠮᠢᠨᠢ ᠪᠠᠶ᠋ᠢᠬᠤ ᠳᠤ
ᠡᠷᠢᠭᠡ ᠶ᠋ᠢᠨ ᠵᠢᠷᠭᠤᠭᠠᠨ ᠮᠠᠨᠢ ᠪᠠᠷ ᠪᠢ ᠶᠠᠭᠠᠬᠢᠬᠤ ᠶᠤᠮ ᠪᠤᠢ
ᠡᠵᠡᠨ ᠴᠢᠩᠭᠢᠰ ᠦ᠋ᠨ ᠵᠠᠰᠠᠭ ᠮᠢᠨᠢ ᠪᠠᠶ᠋ᠢᠬᠤ ᠳᠤ
ᠡᠯᠲᠡᠪ ᠦ᠋ᠨ ᠬᠠᠭᠤᠷᠮᠠᠴᠢ ᠵᠠᠩᠴᠢ ᠪᠠᠷ ᠪᠢ ᠶᠠᠭᠠᠬᠢᠬᠤ ᠶᠤᠮ ᠪᠤᠢ

ᠪᠤᠷᠬᠠᠨ ᠪ ᠬᠥᠷᠥᠭ ᠊ᠢ ᠪᠣᠯᠬᠣᠷ ᠪᠠᠷᠢᠨᠲᠠᠭᠯᠠᠵᠤ ᠬᠦᠵᠦᠭᠦᠨ ᠡᠴᠡ ᠪᠡᠨ ᠵᠡᠭᠦᠬᠦ ᠶᠤᠮ
ᠪᠤᠭᠤᠷᠤᠯ ᠡᠵᠢ ᠳᠦ ᠪᠡᠨ ᠪᠣᠯᠬᠣᠷ ᠳ᠋ᠠᠩ ᠳᠡᠪᠡᠯ ᠴᠦ᠍ ᠣᠶᠣᠭ᠎ᠠ ᠦᠭᠡᠢ ᠶᠠᠪᠤᠬᠤ ᠶᠤᠮ
ᠰᠢᠪᠠᠷ ᠪᠠᠯᠴᠢᠬ ᠠ᠋ᠴᠠ ᠯᠢᠩᠬᠤ᠎ᠠ ᠳᠡᠯᠭᠡᠷᠡᠳᠡᠭ ᠨᠢ ᠦᠨᠡᠨ ᠭᠡᠯ᠎ᠡ ᠴᠦ᠍
ᠰᠢᠪᠠᠷ ᠪᠤᠷᠬᠠᠨ ᠠ᠋ᠴᠠ ᠬᠥᠮᠦᠨ ᠲᠥᠷᠥᠭᠡ ᠦᠭᠡᠢ ᠶᠤᠮ

ᠠᠷᠤᠭ ᠲᠦᠰᠢᠵᠦ ᠨᠠᠮ᠎ᠠ ᠶ᠋ᠢ ᠲᠥᠷᠥᠭᠦᠯᠦᠭᠰᠡᠨ ᠪᠤᠷᠬᠠᠨ ᠊ᠢ ᠡᠵᠢ ᠭᠡᠲᠡᠭ ᠶᠤᠮ
ᠠᠷᠭᠠᠯ ᠡᠷᠭᠢᠭᠦᠯᠵᠦ ᠨᠠᠷᠠᠨ ᠳᠤ ᠭᠦᠶᠦᠭᠰᠡᠨ ᠮᠠᠶ᠋ᠢᠵᠢᠬ ᠬᠥᠭᠰᠢᠨ ᠊ᠢ ᠪᠤᠷᠬᠠᠨ ᠭᠡᠲᠡᠭ ᠶᠤᠮ ᠁

    ᠦᠰᠦᠭ ᠠᠮᠢᠯᠠᠭᠤᠯᠤᠭᠴᠢ ᠄ ᠰᠡᠴᠡᠨᠴᠢᠮᠡᠭ
    ᠬᠢᠨᠠᠭᠴᠢ ᠄ ᠣᠤᠠᠬᠠᠨᠰᠤ᠎ᠠ