ᠬᠠᠪᠤᠷ ᠤᠨ ᠴᠠᠰᠤ ᠴᠢ- ᠲᠣ᠋ · ᠠᠯᠲᠠᠨᠴᠡᠴᠡᠭХаврын цас чи--ад · алданцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤᠨ ᠴᠠᠰᠤ ᠴᠢ- ᠲᠣ᠋ · ᠠᠯᠲᠠᠨᠴᠡᠴᠡᠭХаврын цас чи--ад · алданцэцэг

ᠬᠠᠪᠤᠷ ᠤᠨ ᠴᠠᠰᠤ ᠴᠢ- ᠲᠣ᠋ · ᠠᠯᠲᠠᠨᠴᠡᠴᠡᠭХаврын цас чи--ад · алданцэцэг

2023-03-16

266

ᠬᠠᠪᠤᠷ ᠤᠨ ᠴᠠᠰᠤ ᠴᠢ

       ᠲᠣ᠋ · ᠠᠯᠲᠠᠨᠴᠡᠴᠡᠭ
ᠬᠠᠪᠤᠷ ᠤᠨ ᠴᠠᠰᠤ ᠴᠢ
ᠴᠠᠰᠤᠨ ᠳᠣᠣᠷᠠᠬᠢ ᠨᠢᠯᠬ᠎ᠠ ᠨᠣᠭᠣᠬ᠋᠎ᠠ
ᠬᠠᠪᠤᠷ ᠤᠨ ᠴᠠᠰᠤ ᠴᠢ
ᠮᠥᠰᠥᠨ ᠳᠡᠭᠡᠷᠡᠬᠢ ᠲᠤᠩᠭᠠᠯᠠᠭ ᠬᠠᠯᠢᠶ᠎ᠠ
ᠬᠠᠪᠤᠷ ᠤᠨ ᠴᠠᠰᠤ ᠴᠢ
ᠪᠤᠷᠭᠠᠰᠤᠨ ᠮᠥᠴᠢᠷ ᠳᠡᠭᠡᠷᠡᠬᠢ ᠪᠥᠮᠪᠦᠭᠡᠨ ᠭᠥᠯᠥᠭᠡ
ᠬᠠᠪᠤᠷ ᠤᠨ ᠴᠠᠰᠤ ᠴᠢ
ᠤᠲᠠᠨ ᠰᠠᠯᠠᠭᠠᠨ ᠳᠡᠭᠡᠷᠡᠬᠢ ᠪᠠᠭᠴᠠᠲᠤ ᠴᠡᠴᠡᠭ
ᠬᠠᠪᠤᠷ ᠤᠨ ᠴᠠᠰᠤ ᠴᠢ
ᠬᠠᠶ᠋ᠢᠯᠠᠰᠤᠨ ᠨᠠᠮᠠᠭᠠᠨ ᠪ ᠵᠥᠭᠡᠯᠡᠨ ᠵᠤᠬ᠋᠎ᠠ
ᠬᠠᠪᠤᠷ ᠤᠨ ᠴᠠᠰᠤ ᠴᠢ
ᠲᠣᠭᠣᠷ ᠭᠦᠢᠯᠡᠰᠦᠨ ᠪ ᠴᠣᠮᠣᠷᠯᠢᠬ
ᠬᠠᠪᠤᠷ ᠤᠨ ᠴᠠᠰᠤ ᠴᠢ
ᠠᠯᠢᠮ᠎ᠠ ᠵᠢᠮᠢᠰ ᠦ᠋ᠨ ᠰᠢᠮᠡᠲᠦ ᠤᠮᠲᠠᠭᠠᠨ
ᠬᠠᠪᠤᠷ ᠤᠨ ᠴᠠᠰᠤ ᠴᠢ
ᠮᠠᠯ ᠰᠦᠷᠦᠭ ᠦ᠋ᠨ ᠲᠠᠷᠭᠤ ᠬᠦᠴᠦ
ᠬᠠᠪᠤᠷ ᠤᠨ ᠴᠠᠰᠤ ᠴᠢ
ᠲᠠᠪᠤᠨ ᠲᠠᠷᠢᠶᠠᠨ ᠪ ᠴᠡᠪᠡᠷ ᠤᠮᠲᠠᠭᠠᠨ
ᠬᠠᠪᠤᠷ ᠤᠨ ᠴᠠᠰᠤ ᠴᠢ
ᠬᠦᠮᠦᠨ ᠵᠣᠨ ᠪ ᠬᠦᠰᠡᠯ ᠊ᠢ ᠬᠤᠷᠤᠶ᠋ᠢᠯᠠᠭᠰᠠᠭᠠᠷ
ᠮᠣᠷᠢᠯᠠᠨ ᠰᠠᠭᠠᠲᠠᠭᠰᠠᠨ ᠬᠦᠨᠲᠦᠲᠦ ᠵᠣᠴᠢᠨ
ᠬᠠᠪᠤᠷ ᠤᠨ ᠴᠠᠰᠤ ᠴᠢ
ᠲᠦᠮᠡᠨ ᠪᠣᠲᠠᠰ ᠦ᠋ᠨ ᠠᠮᠢᠯᠠᠯ ᠊ᠢ ᠵᠦᠩᠨᠡᠭᠰᠡᠭᠡᠷ
ᠮᠣᠷᠢᠯᠠᠨ ᠪᠠᠭᠤᠭᠰᠠᠨ ᠡᠷᠬᠢᠮ ᠭᠡᠶ᠋ᠢᠴᠢᠨ
ᠬᠠᠪᠤᠷ ᠤᠨ ᠴᠠᠰᠤ ᠴᠢ
ᠠᠯᠢᠪᠠ ᠰᠠᠶ᠋ᠢᠨ ᠰᠠᠶ᠋ᠢᠬᠠᠨ ᠪ ᠪᠡᠯᠭᠡᠲᠡᠯ


ᠦᠰᠦᠭ ᠠᠮᠢᠯᠠᠭᠤᠯᠤᠭᠴᠢ ᠄ ᠲᠣ᠋ · ᠠᠯᠲᠠᠨᠴᠡᠴᠡᠭ
ᠬᠢᠨᠠᠭᠴᠢ ᠪᠠᠭᠰᠢ ᠄ ᠣᠤᠠᠬᠠᠨᠰᠤ᠎ᠡ