ᠵ ᠡᠷᠳᠡᠨᠢᠳᠠᠯᠠᠢ᠂ ᠫ ᠭᠡᠷᠡᠯᠲᠦ-ᠣᠳᠣ ᠳᠠᠭᠠᠷᠢᠯᠴᠠᠭᠠᠨЖ.Эрдэнэдалай, П.Гэрэлт-Од-дайралцаан ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵ ᠡᠷᠳᠡᠨᠢᠳᠠᠯᠠᠢ᠂ ᠫ ᠭᠡᠷᠡᠯᠲᠦ-ᠣᠳᠣ ᠳᠠᠭᠠᠷᠢᠯᠴᠠᠭᠠᠨЖ.Эрдэнэдалай, П.Гэрэлт-Од-дайралцаан

ᠵ ᠡᠷᠳᠡᠨᠢᠳᠠᠯᠠᠢ᠂ ᠫ ᠭᠡᠷᠡᠯᠲᠦ-ᠣᠳᠣ ᠳᠠᠭᠠᠷᠢᠯᠴᠠᠭᠠᠨЖ.Эрдэнэдалай, П.Гэрэлт-Од-дайралцаан

2023-03-16

490

ᠳᠠᠭᠠᠷᠢᠯᠴᠠᠭ᠎ᠠ ᠬᠣᠯᠪᠣᠭ᠎ᠠ

 ᠬᠣᠯᠪᠣᠨ ᠳᠠᠭᠤᠯᠠᠭᠰᠠᠨ ᠨᠢ ᠄ ᠵ᠊ · ᠡᠷᠲᠡᠨᠢᠲᠠᠯᠠᠢ
                      ᠫ᠊ · ᠭᠡᠷᠡᠯᠲᠦ

ᠬᠥᠶᠢ ᠂ ᠴᠢ ᠬᠦᠯᠢᠶᠡᠵᠦ ᠪᠠᠢ !
ᠬᠥᠮᠦᠨ ᠦ᠌ ᠬᠡᠯᠡᠬᠦ ᠶ᠋ᠢ ᠰᠣᠨᠣᠰᠴᠤ ᠪᠠᠢ !
ᠠᠢ ᠂ ᠴᠢ ᠠᠶᠠᠳᠠᠵᠤ ᠪᠠᠢ !
ᠠᠬ᠎ᠠ ᠶ᠋ᠢᠨ ᠢ᠋ᠶ᠋ᠡᠨ ᠬᠡᠯᠡᠬᠦ ᠶ᠋ᠢ ᠰᠣᠨᠣᠰᠴᠤ ᠪᠠᠢ !
ᠳᠠᠭᠠᠷᠢᠯᠴᠠᠪᠠᠯ ᠳᠠᠭᠠᠷᠢᠯᠴᠠᠶ᠎ᠠ !
ᠳᠠᠯᠢᠩ ᠬᠥᠭᠡᠷᠭᠡ ᠪᠡᠨ ᠲᠠᠯᠪᠢᠯᠴᠠᠶ᠎ᠠ !
ᠬᠡᠯᠡᠯᠴᠡᠪᠡᠯ ᠬᠡᠯᠡᠯᠴᠡᠶ᠎ᠡ !
ᠬᠡᠲᠡ ᠬᠢᠲᠤᠭ᠎ᠠ ᠪᠠᠨ ᠬᠠᠪᠢᠷᠤᠯᠴᠠᠶ᠎ᠠ !

ᠵᠠ — ᠬᠦᠦ ᠮᠢᠨᠢ ᠲᠡᠶ᠋ᠢᠮᠦ ‍ᠦᠦ ᠳᠡ !
ᠪᠠᠷᠠᠭᠤᠨ ᠭᠣᠣᠯ ᠨᠢ ᠦᠶᠡᠷᠯᠡᠵᠡᠢ
ᠪᠠᠨᠰᠠ ᠪᠠᠷ ᠬᠥᠭᠥᠷᠭᠡ ᠲᠠᠯᠪᠢᠶ᠎ᠠ !
ᠪᠠᠭ᠎ᠠ ᠳᠡᠭᠦᠦ ᠮᠢᠨᠢ ᠢᠷᠡᠭᠰᠡᠨ ᠲᠤᠯᠠ
ᠰᠢᠯᠦᠭ ᠦ᠋ᠨ ᠬᠥᠭᠥᠷᠭᠡ ᠲᠠᠯᠪᠢᠶ᠎ᠠ !
ᠵᠡᠭᠦᠨ ᠭᠣᠣᠯ ᠨᠢ ᠦᠶᠡᠷᠯᠡᠵᠡᠢ
ᠵᠦᠩ ᠢ᠋ᠶ᠋ᠡᠷ ᠬᠥᠭᠥᠷᠭᠡ ᠲᠠᠯᠪᠢᠶ᠎ᠠ !
ᠵᠦᠢᠲᠡᠢ ᠳᠡᠭᠦᠦ ᠮᠢᠨᠢ ᠢᠷᠡᠭᠰᠡᠨ ᠲᠤᠯᠠ
ᠰᠢᠯᠦᠭ ᠦ᠋ᠨ ᠬᠥᠭᠥᠷᠭᠡ ᠲᠠᠯᠪᠢᠶ᠎ᠠ !

ᠵᠤᠷᠠᠮ᠎ᠠ ᠶ᠋ᠢᠨ ᠲᠠᠨᠢ ᠨᠦᠬᠡᠨ ᠳ᠋ᠦ᠍ ᠨᠢ
ᠵᠢᠷᠭᠤᠭᠠᠨ ᠰᠠᠯᠠᠭ᠎ᠠ ᠪᠠᠶ᠋ᠢᠨ᠎ᠠ ‍ᠤᠤ ᠳᠠ ?
ᠵᠤᠯᠵᠠᠭᠠᠨ ᠴᠢᠨᠡᠭᠡ ᠴᠡᠭᠡᠵᠢᠨ ᠳ᠋ᠦ᠍ ᠨᠢ
ᠵᠢᠷᠭᠤᠭᠠᠨ ᠰᠢᠯᠦᠭ ᠪᠠᠶ᠋ᠢᠨ᠎ᠠ ‍ᠤᠤ ᠳᠠ ?
ᠠᠯᠠᠭᠳᠠᠭᠠᠨ ᠤ᠋ ᠨᠦᠬᠡᠨ ᠳ᠋ᠦ᠍ ᠨᠢ
ᠠᠷᠪᠠᠨ ᠰᠠᠯᠠᠭ᠎ᠠ ᠪᠠᠶ᠋ᠢᠨ᠎ᠠ ‍ᠤᠤ ᠳᠠ ?
ᠠᠪᠤ ᠴᠢᠨᠦ ᠴᠡᠭᠡᠵᠢᠨ ᠳ᠋ᠦ᠍ ᠨᠢ
ᠠᠷᠪᠠᠨ ᠰᠢᠯᠦᠭ ᠪᠠᠶ᠋ᠢᠨ᠎ᠠ ‍ᠤᠤ ᠳᠠ ?

ᠵᠠ — ᠬᠦᠦ ᠮᠢᠨᠢ ᠲᠡᠶ᠋ᠢᠮᠦ ‍ᠦᠦ ᠳᠡ !
ᠰᠠᠷᠠ ᠶ᠋ᠢ ᠬᠠᠷᠪᠤᠭᠠᠳ ᠠᠯᠳᠠᠪᠠᠯ
ᠰᠠᠭᠠᠳᠠᠭ ᠪᠠᠷᠢᠭᠠᠳ ᠶᠠᠭᠤ ᠬᠢᠨ᠎ᠡ ?
ᠴᠢᠮ᠎ᠠ ᠲᠠᠢ ᠬᠡᠯᠡᠯᠴᠡᠭᠡᠳ ᠭᠠᠷᠲᠠᠬᠤ ᠶᠤᠮ ᠪᠣᠯ
ᠰᠢᠯᠦᠭ ᠬᠣᠯᠪᠣᠭᠠᠳ ᠶᠠᠭᠤ ᠬᠢᠨ᠎ᠡ ?
ᠮᠡᠯᠡᠬᠡᠢ ᠬᠠᠷᠪᠤᠭᠠᠳ ᠠᠯᠳᠠᠪᠠᠯ ᠳᠠ
ᠮᠡᠷᠭᠡᠨ ᠪᠠᠶ᠋ᠢᠭᠠᠳ ᠶᠠᠭᠤ ᠬᠢᠨ᠎ᠡ ?
ᠮᠥᠨᠥᠬᠡᠨ ᠴᠢᠮ᠎ᠠ ᠳ᠋ᠤ᠌ ᠠᠯᠳᠠᠬᠤ ᠶᠤᠮ ᠪᠣᠯ
ᠰᠢᠯᠦᠭ ᠬᠣᠯᠪᠣᠭᠠᠳ ᠶᠠᠭᠤ ᠬᠢᠨ᠎ᠡ ?
ᠠᠷᠪᠠᠨ ᠲᠠᠪᠤᠨ ᠤ᠋ ᠰᠠᠷᠠ ᠶ᠋ᠢ ᠨᠢ
ᠠᠷᠤ ᠳᠡᠭᠡᠷ᠎ᠡ ᠭᠠᠷᠲᠠᠯ᠎ᠠ ᠬᠡᠯᠡᠯᠴᠡᠶ᠎ᠡ !
ᠠᠳᠤᠭᠤ ᠦᠬᠡᠷ ᠬᠣᠶᠠᠷ ᠊ᠢ ᠨᠢ
ᠪᠡᠯᠴᠢᠭᠡᠷ ᠲᠦ᠍ ᠭᠠᠷᠲᠠᠯ᠎ᠠ ᠬᠡᠯᠡᠯᠴᠡᠶ᠎ᠡ !
ᠬᠣᠷᠢᠨ ᠲᠠᠪᠤᠨ ᠤ᠋ ᠰᠠᠷᠠ ᠶ᠋ᠢ ᠪᠡᠨ
ᠬᠣᠶ᠋ᠢᠨ᠎ᠠ ᠠ᠋ᠴᠠ ᠭᠠᠷᠲᠠᠯ᠎ᠠ ᠬᠡᠯᠡᠯᠴᠡᠶ᠎ᠡ !
ᠬᠣᠨᠢ ᠢᠮᠠᠭ᠎ᠠ ᠬᠣᠶᠠᠷ ᠊ᠢ ᠪᠡᠨ
ᠪᠡᠯᠴᠢᠭᠡᠷ ᠲᠦ᠍ ᠭᠠᠷᠲᠠᠯ᠎ᠠ ᠬᠡᠯᠡᠯᠴᠡᠶ᠎ᠡ !

ᠵᠠ — ᠬᠦᠦ ᠮᠢᠨᠢ ᠲᠡᠶ᠋ᠢᠮᠦ ‍ᠦᠦ ᠳᠡ !
ᠭᠦᠨ ᠨᠠᠭᠤᠷ ᠤ᠋ᠨ ᠤᠰᠤᠨ ᠳ᠋ᠤ᠌ ᠨᠢ
ᠭᠥᠯᠢᠮ ᠦ᠋ᠨ ᠦᠵᠦᠭᠦᠷ ᠠᠪᠲᠠᠭ᠎ᠠ ᠦᠭᠡᠢ
ᠭᠦᠶᠦᠭᠡᠳ ᠢᠷᠡᠭᠰᠡᠨ ᠴᠢᠮ᠎ᠠ ᠮᠠᠭᠤ ᠳ᠋ᠤ᠌
ᠰᠢᠯᠦᠭ ᠦ᠋ᠨ ᠦᠵᠦᠭᠦᠷ ᠠᠪᠲᠠᠭ᠎ᠠ ᠦᠭᠡᠢ
ᠲᠣᠬᠣᠢ ᠲᠣᠭᠣᠷᠢᠮ ᠤᠰᠤᠨ ᠳ᠋ᠤ᠌ ᠨᠢ
ᠲᠣᠬᠣᠮ ᠤ᠋ᠨ ᠦᠵᠦᠭᠦᠷ ᠠᠪᠲᠠᠭ᠎ᠠ ᠦᠭᠡᠢ
ᠲᠣᠭᠯᠠᠭᠠᠳ ᠢᠷᠡᠭᠰᠡᠨ ᠴᠢᠮ᠎ᠠ ᠮᠠᠭᠤ ᠳ᠋ᠤ᠌
ᠰᠢᠯᠦᠭ ᠦ᠋ᠨ ᠦᠵᠦᠭᠦᠷ ᠠᠪᠲᠠᠭ᠎ᠠ ᠦᠭᠡᠢ

ᠭᠡᠭᠦᠦ ᠮᠣᠷᠢ ᠶ᠋ᠢ ᠤᠨᠤᠭᠠᠳ
ᠬᠥᠪᠡᠭᠡ ᠳᠠᠪᠠᠭᠤᠯᠵᠤ ᠴᠢᠳᠠᠨ᠎ᠠ ‍ᠤᠤ ᠳᠠ ?
ᠭᠦᠵᠡᠭᠡᠨ ᠲᠣᠯᠣᠭᠠᠶ᠋ᠢᠯᠠᠵᠤ ᠢᠷᠡᠴᠢᠬᠡᠭᠡᠳ
ᠨᠠᠳᠠ ᠲᠠᠢ ᠬᠡᠯᠡᠯᠴᠡᠵᠦ ᠪᠠᠷᠠᠬᠤ ‍ᠤᠤ ᠳᠠ ?
ᠳᠠᠭᠠᠨ ᠮᠣᠷᠢ ᠶ᠋ᠢ ᠤᠨᠤᠭᠠᠳ ᠴᠢ
ᠳᠠᠪᠠᠭ᠎ᠠ ᠳᠠᠪᠠᠭᠤᠯᠵᠤ ᠴᠢᠳᠠᠬᠤ ‍ᠤᠤ ᠳᠠ ?
ᠳᠠᠪᠤᠰᠠᠩ ᠤ᠋ᠨ ᠲᠣᠯᠣᠭᠠᠶ᠋ᠢᠯᠠᠵᠤ ᠢᠷᠡᠴᠢᠬᠡᠭᠡᠳ
ᠨᠠᠳᠠ ᠲᠠᠢ ᠬᠡᠯᠡᠯᠴᠡᠵᠦ ᠴᠢᠳᠠᠬᠤ ‍ᠤᠤ ᠳᠠ ?

ᠵᠠ — ᠬᠦᠦ ᠮᠢᠨᠢ ᠲᠡᠶ᠋ᠢᠮᠦ ‍ᠦᠦ ᠳᠡ !
ᠣᠭᠣᠨᠣ ᠭᠦᠶᠦᠭᠡᠳ ᠢᠷᠡᠪᠡᠯ
ᠣᠷᠣᠨ ᠊ᠢ ᠨᠢ ᠵᠢᠭᠠᠭᠠᠳ ᠥᠭᠭᠦᠶ᠎ᠡ ᠳᠡ !
ᠣᠷᠣᠣᠯᠠᠩ ᠭᠦᠶᠦᠭᠡᠳ ᠢᠷᠡᠪᠡᠯ
ᠴᠢᠮ᠎ᠠ ᠳ᠋ᠤ᠌ ᠵᠢᠭᠠᠭᠠᠳ ᠥᠭᠭᠦᠶ᠎ᠡ ᠳᠡ !
ᠵᠡᠭᠡᠷ᠎ᠡ ᠭᠦᠶᠦᠭᠡᠳ ᠢᠷᠡᠪᠡᠯ ᠳᠠ
ᠵᠢᠮ ᠊ᠢ ᠨᠢ ᠵᠢᠭᠠᠭᠠᠳ ᠥᠭᠭᠦᠶ᠎ᠡ ᠳᠡ !
ᠴᠢᠳᠬᠥᠷ ᠭᠦᠶᠦᠭᠡᠳ ᠢᠷᠡᠪᠡᠯ ᠳᠠ
ᠴᠢᠮ᠎ᠠ ᠳ᠋ᠤ᠌ ᠵᠢᠭᠠᠭᠠᠳ ᠥᠭᠭᠦᠶ᠎ᠡ ᠳᠡ !
ᠳᠡᠭᠡᠭᠦᠷ ᠭᠠᠷᠳᠠᠭ ᠭᠠᠯᠠᠭᠤᠨ ᠳ᠋ᠤ᠌ ᠨᠢ
ᠳᠡᠭᠡᠰᠦ ᠬᠠᠶᠠᠭᠠᠳ ᠬᠦᠷᠦᠨ᠎ᠡ ‍ᠦᠦ ᠳᠡ !
ᠳᠡᠪᠡᠯ ᠢ᠋ᠶ᠋ᠡᠨ ᠳᠠᠭᠠᠭᠠᠬᠤ ᠦᠭᠡᠢ ᠴᠢ ᠮᠠᠭᠤ ᠳ᠋ᠤ᠌
ᠰᠢᠯᠦᠭ ᠬᠠᠶᠠᠭᠠᠳ ᠬᠦᠷᠦᠨ᠎ᠡ ‍ᠦᠦ ᠳᠡ !
ᠤᠷᠳᠤᠭᠤᠷ ᠭᠠᠷᠳᠠᠭ ᠭᠠᠯᠠᠭᠤᠨ ᠳ᠋ᠤ᠌ ᠨᠢ
ᠤᠷᠭ᠎ᠠ ᠬᠠᠶᠠᠭᠠᠳ ᠬᠦᠷᠦᠨ᠎ᠡ ‍ᠦᠦ ᠳᠡ !
ᠤᠭᠤᠴᠠ ᠪᠠᠨ ᠳᠠᠭᠠᠭᠠᠬᠤ ᠦᠭᠡᠢ ᠴᠢᠮ᠎ᠠ ᠮᠠᠭᠤ
ᠨᠠᠳᠠ ᠲᠠᠢ ᠬᠡᠯᠡᠯᠴᠡᠭᠡᠳ ᠭᠠᠷᠤᠨ᠎ᠠ ‍ᠦᠦ ᠳᠡ !

ᠵᠠ — ᠬᠦᠦ ᠮᠢᠨᠢ ᠲᠡᠶ᠋ᠢᠮᠦ ‍ᠦᠦ ᠳᠡ !
ᠡᠷᠢᠶᠡᠨ ᠡᠷᠢᠶᠡᠨ ᠡᠯᠵᠢᠭᠡ ᠴᠢᠨᠢ
ᠡᠮᠡᠭᠡᠯ ᠲᠡᠢ ᠪᠡᠨ ᠮᠡᠨᠳᠦ ‍ᠦᠦ ᠳᠡ ︖
ᠡᠯᠵᠢᠭᠡ ᠰᠠᠭᠠᠳᠠᠭ ᠰᠠᠭᠤᠯᠠᠭ᠎ᠠ ᠴᠢᠨᠢ
ᠢᠷᠣᠭᠠᠯ ᠲᠠᠢ ᠪᠠᠨ ᠮᠡᠨᠳᠦ ‍ᠦᠦ ᠳᠡ ?
ᠨᠣᠭᠣᠭᠠᠨ ᠨᠣᠭᠣᠭᠠᠨ ᠡᠯᠵᠢᠭᠡ ᠴᠢᠨᠢ
ᠨᠣᠭᠲᠣ ᠲᠠᠢ ᠪᠠᠨ ᠮᠡᠨᠳᠦ ‍ᠦᠦ ᠳᠡ ︖
ᠨᠣᠬᠠᠢ ᠰᠠᠭᠠᠳᠠᠭ ᠰᠠᠭᠤᠯᠠᠭ᠎ᠠ ᠴᠢᠨᠢ
ᠢᠷᠣᠭᠠᠯ ᠲᠠᠢ ᠪᠠᠨ ᠮᠡᠨᠳᠦ ‍ᠦᠦ ᠳᠡ ?

ᠵᠠ — ᠬᠦᠦ ᠮᠢᠨᠢ ᠲᠡᠶ᠋ᠢᠮᠦ ‍ᠦᠦ ᠳᠡ !
ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠬᠡᠨ ᠦ᠌ ᠬᠢ ᠪᠣᠢ ?
ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠮᠠᠨ ᠤ᠋ ᠬᠢ ᠠ᠋ !
ᠤᠯᠤᠰ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠪᠢᠩ ᠬᠡᠨ ᠦ᠌ ᠬᠢ ᠪᠣᠢ ?
ᠤᠯᠤᠰ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠪᠢᠩ ᠲᠠᠨ ᠤ᠋ ᠬᠢ ᠠ᠋ !
ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠬᠡᠨ ᠦ᠌ ᠬᠢ ᠪᠣᠢ ?
ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠮᠠᠨ ᠤ᠋ ᠬᠢ ᠠ᠋ !
ᠬᠠᠮᠤᠭ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠪᠢᠩ ᠬᠡᠨ ᠦ᠌ ᠬᠢ ᠪᠣᠢ ?
ᠬᠠᠮᠤᠭ ᠠ᠋ᠴᠠ ᠲᠦᠷᠦᠭᠦᠦ ᠳᠤᠤᠭᠠᠷᠳᠠᠭ
ᠲᠡᠷᠡ ᠵᠣᠯᠪᠢᠩ ᠲᠠᠨ ᠤ᠋ ᠬᠢ ᠠ᠋ !

ᠣᠳᠣ ᠬᠣᠶᠠᠭᠤᠯᠠ ᠪᠠᠨ ᠪᠣᠯᠢᠶ᠎ᠠ ᠳᠠ
ᠣᠯᠵᠠ ᠶ᠋ᠢᠨ ᠪᠡᠯᠭᠡ ᠲᠠᠯᠪᠢᠶ᠎ᠠ ᠳᠠ
ᠲᠦᠷ ᠬᠣᠶᠠᠭᠤᠯᠠ ᠪᠠᠨ ᠪᠣᠯᠢᠶ᠎ᠠ ᠳᠠ
ᠲᠦᠮᠡᠨ ᠪᠡᠯᠭᠡ ᠲᠠᠯᠪᠢᠶ᠎ᠠ ᠳᠠ

ᠨᠠᠷᠠᠨ ᠳ᠋ᠤ᠌ ᠠᠳᠠᠯᠢ ᠬᠡᠷᠡᠯᠳᠦᠵᠦ ᠶᠠᠪᠤ
ᠨᠠᠪᠴᠢᠨ ᠳ᠋ᠤ᠌ ᠠᠳᠠᠯᠢ ᠳᠡᠯᠭᠡᠷᠡᠵᠦ ᠶᠠᠪᠤ
ᠨᠠᠶ᠋ᠢᠷ ᠬᠥᠷ ᠢ᠋ᠶ᠋ᠡᠷ ᠳᠦᠭᠦᠷᠴᠦ ᠶᠠᠪᠤ
ᠨᠠᠰᠤᠨ ᠦᠷᠭᠦᠯᠵᠢ ᠵᠢᠷᠭᠠᠵᠤ ᠶᠠᠪᠤᠭᠠᠷᠠᠢ !
ᠶᠠᠪᠤᠭᠠᠷᠠᠢ᠂
ᠶᠠᠪᠤᠭᠠᠷᠠᠢ᠂
ᠶᠠᠪᠤᠭᠠᠷᠠᠢ !
ᠬᠤᠷᠤᠢ !

   ᠦᠰᠦᠭ ᠠᠮᠢᠯᠠᠭᠤᠯᠤᠭᠴᠢ ᠄ ᠮᠥᠩᠭᠥᠨᠴᠡᠴᠡᠭ
   ᠦᠰᠦᠭ ᠬᠠᠲᠠᠭᠰᠠᠨ ᠨᠢ ᠄ ᠮᠥᠩᠭᠥᠨᠴᠡᠴᠡᠭ
   ᠬᠢᠨᠠᠭᠴᠢ ᠪᠠᠭᠰᠢ ᠄ᠮᠥᠴᠢᠷ