ᠪᠢ ᠶᠠᠭᠠᠬᠢᠨ᠎ᠠ - ᠭ ᠂ ᠴᠢᠩᠪᠠᠭᠠᠲᠤᠷ Би яана - Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠶᠠᠭᠠᠬᠢᠨ᠎ᠠ - ᠭ ᠂ ᠴᠢᠩᠪᠠᠭᠠᠲᠤᠷ Би яана - Г ᠂ Чинбаатар

ᠪᠢ ᠶᠠᠭᠠᠬᠢᠨ᠎ᠠ - ᠭ ᠂ ᠴᠢᠩᠪᠠᠭᠠᠲᠤᠷ Би яана - Г ᠂ Чинбаатар

2023-03-16

492

ᠪᠢ ᠶᠠᠭᠠᠬᠢᠨ᠎ᠠ


                  ᠭ · ᠴᠢᠩᠪᠠᠭᠠᠲᠤᠷ

ᠵᠢᠭᠠᠬᠠᠨ ᠪᠠᠬ᠋᠎ᠠ ᠶ᠋ᠢᠨ ᠨᠠᠰᠤᠨ  ᠳᠤ ᠪᠠᠨ ᠡᠷᠬᠡᠯᠡᠵᠦ ᠨᠠᠭᠠᠲᠤᠭᠰᠠᠨ ᠳᠡᠨᠵᠢ
ᠵᠠᠲᠠᠭᠠᠢ ᠲᠣᠭᠣᠷᠢᠮ ᠪᠦᠷᠢᠲᠦ  ᠳᠤ ᠨᠤᠷᠭᠢᠵᠤ ᠪᠠᠶ᠋ᠢᠬᠰᠠᠨ ᠰᠢᠪᠠᠭᠤᠳ
ᠠᠲᠤᠭᠤᠨ ᠪ ᠬᠥᠯᠥᠰᠥ ᠥᠨᠥᠷᠲᠦᠭᠰᠡᠨ ᠠᠭᠤᠯᠠ ᠲᠠᠯ᠎ᠠ ᠶ᠋ᠢᠨ ᠰᠠᠯᠬᠢ
ᠠᠯᠲᠠᠨ ᠰᠤᠷᠭᠠᠯ ᠶ᠋ᠢᠠᠨ ᠬᠠᠶ᠋ᠢᠷᠠᠯᠠᠭᠰᠠᠨ ᠨᠤᠲᠤᠭ ᠦ᠋ᠨ ᠪᠤᠭᠤᠷᠤᠯ ᠡᠪᠦᠭᠡᠳ

ᠬᠠᠷᠢᠭᠠᠳ ᠣᠴᠢᠬᠤ ᠶ᠋ᠢᠨ ᠴᠠᠭ ᠲᠤ ᠪᠠᠶ᠋ᠢᠬᠤ ᠦᠭᠡᠢ  ᠪᠠᠶ᠋ᠢᠪᠠᠯ ᠶᠠᠭᠠᠬᠢᠨ᠎ᠠ
ᠬᠠᠶ᠋ᠢᠭᠠᠳ ᠡᠷᠢᠬᠦ ᠶ᠋ᠢᠨ ᠦᠶ᠎ᠡ  ᠳᠤ ᠠᠯᠠᠬ᠋᠎ᠠ ᠪᠠᠶ᠋ᠢᠪᠠᠯ ᠶᠠᠭᠠᠬᠢᠨ᠎ᠠ
ᠬᠠᠷᠢ ᠭᠠᠵᠠᠷ ᠠ᠋ᠴᠠ  ᠲᠡᠮᠡᠦᠯᠦᠭᠰᠡᠭᠡᠷ ᠭᠡᠷ ᠶ᠋ᠢᠡᠨ ᠭᠡᠳ ᠬᠠᠷᠢᠬᠤ  ᠳᠤ
ᠬᠠᠶ᠋ᠢᠷᠠᠲᠠᠢ ᠭᠠᠭᠴᠠᠬᠠᠨ ᠨᠤᠲᠤᠭ ᠮᠢᠨᠢ ᠣᠯᠲᠠᠬᠤ ᠪᠠᠶ᠋ᠢᠪᠠᠯ ᠶᠠᠭᠠᠬᠢᠨ᠎ᠠ

ᠵᠢᠯ ᠵᠢᠯ ᠮᠠᠨ  ᠪ ᠬᠢ ᠶ᠋ᠢ  ᠡᠷᠭᠢᠳᠡᠭ ᠰᠠᠷᠠᠪᠴᠢᠨ ᠪ ᠮᠢᠨᠢ ᠬᠠᠷᠢᠶᠠᠴᠠᠢ
ᠵᠠᠯᠠᠨ ᠳᠡᠭᠡᠷ᠎ᠡ ᠰᠦ᠋ ᠦᠨᠦᠷᠲᠦᠭᠦᠯᠦᠨ ᠵᠣᠭᠰᠣᠲᠠᠭ ᠪᠥᠭᠡᠷ᠎ᠡ ᠠᠯᠠᠭ ᠲᠤᠭᠤᠯ
ᠵᠡᠭᠦᠲᠦᠨ ᠳᠤ ᠬᠦᠷᠲᠡᠯ᠎ᠡ  ᠡᠷᠢᠭᠳᠡᠳᠡᠭ ᠨᠠᠭᠠᠲᠤᠮ ᠦ᠋ᠨ ᠮᠢᠨᠢ ᠠᠯᠠᠭ ᠴᠢᠯᠠᠭᠤᠳ
ᠵᠢᠷᠦᠬᠡᠨ  ᠳᠤ ᠮᠥᠩᠬᠡ ᠠᠷᠭᠠᠮᠵᠢᠶ᠎ᠠ ᠲᠠᠢ ᠨᠠᠮᠬᠠᠨ ᠪᠣᠷᠣ ᠳᠣᠯᠣᠭᠠᠳ

ᠡᠷᠢᠭᠡᠳ ᠣᠴᠢᠬᠤ ᠶ᠋ᠢᠨ ᠮᠢᠨᠢ ᠴᠠᠭ ᠲᠦ ᠪᠠᠶ᠋ᠢᠬᠤ ᠦᠭᠡᠢ ᠪᠠᠶ᠋ᠢᠪᠠᠯ ᠶᠠᠭᠠᠬᠢᠨ᠎ᠠ
ᠡᠷᠭᠢᠭᠡᠳ ᠬᠠᠷᠠᠬᠤ ᠶ᠋ᠢᠨ ᠦᠶ᠎ᠡ  ᠳᠤ ᠠᠯᠠᠬ᠋᠎ᠠ ᠪᠣᠯᠴᠢᠬᠠᠪᠠᠯ ᠶᠠᠭᠠᠬᠢᠨ᠎ᠠ
ᠡᠨᠡ ᠯᠡ ᠬᠣᠯᠠ ᠶ᠋ᠢᠨ ᠭᠠᠵᠠᠷ ᠠ᠋ᠴᠠ ᠨᠤᠲᠤᠭ ᠶ᠋ᠢᠠᠨ ᠭᠡᠳ ᠬᠠᠷᠢᠬᠤ  ᠳᠤ
ᠡᠨᠡ ᠪᠦᠬᠦᠨ ᠮᠢᠨᠢ ᠲᠡᠭᠡᠭᠡᠳ ᠣᠯᠲᠠᠬᠤ ᠦᠭᠡᠢ ᠪᠠᠶ᠋ᠢᠪᠠᠯ ᠶᠠᠭᠠᠬᠢᠨ᠎ᠠ

ᠨᠠᠷᠠᠨ ᠪ ᠢᠯᠴᠢᠨ  ᠳᠤ ᠴᠣᠭᠰᠢᠬᠰᠠᠨ ᠠᠷᠭᠠᠯ ᠦ᠋ᠨ ᠪᠦᠯᠢᠶᠡᠨ ᠨᠥᠮᠥᠷᠢ
ᠨᠠᠪᠴᠢᠨ ᠪ ᠠᠯᠠᠭᠠᠨ  ᠳᠤ ᠪᠥᠮᠪᠦᠭᠡᠨᠡᠭᠰᠡᠨ  ᠰᠢᠭᠦᠲᠡᠷᠢ ᠶ᠋ᠢᠨ ᠪᠣᠯᠣᠷᠬᠠᠨ  ᠮᠥᠬᠦᠯᠢᠭ
ᠨᠢᠯᠬ᠎ᠠ ᠶ᠋ᠢᠨ ᠮᠢᠨᠢ ᠮᠥᠷ ᠊ᠢ ᠬᠠᠲᠠᠭᠠᠯᠠᠭᠰᠠᠨ ᠬᠥᠲᠡᠭᠡ ᠰᠢᠯᠢ ᠪᠠᠶ᠋ᠢᠭᠠᠯᠢ
ᠨᠠᠰᠤᠵᠢᠬᠤ ᠳᠣᠳᠣᠮ  ᠦᠭᠡᠢᠯᠡᠭᠳᠡᠬᠦ ᠮᠢᠨᠦ ᠭᠠᠭᠴᠠᠬᠠᠨ ᠡᠬᠡ ᠣᠷᠣᠨ

ᠲᠡᠮᠡᠦᠯᠦᠭᠡᠳ ᠬᠠᠷᠢᠬᠤ ᠶ᠋ᠢᠨ ᠮᠢᠨᠢ ᠴᠠᠭ ᠲᠤ ᠪᠠᠶ᠋ᠢᠬᠤ ᠦᠭᠡᠢ ᠪᠠᠶ᠋ᠢᠪᠠᠯ ᠶᠠᠭᠠᠬᠢᠨ᠎ᠠ
ᠲᠡᠮᠲᠡᠷᠢᠭᠡᠳ  ᠡᠷᠢᠯ᠎ᠡ ᠴᠦ᠍ ᠭᠡᠰᠡᠨ ᠣᠯᠲᠠᠬᠤ ᠦᠭᠡᠢ ᠪᠠᠶ᠋ᠢᠪᠠᠯ ᠶᠠᠭᠠᠬᠢᠨ᠎ᠠ
ᠲᠩᠷᠢ ᠶ᠋ᠢᠨ ᠬᠠᠶᠠᠭᠠᠨ ᠠ᠋ᠴᠠ ᠨᠤᠲᠤᠭ ᠶ᠋ᠢᠠᠨ  ᠭᠡᠳ ᠬᠠᠷᠢᠬᠤ  ᠳᠤ ᠮᠢᠨᠢ
ᠲᠡᠷᠡ ᠪᠦᠬᠦᠨ ᠪᠦᠷ ᠳᠣᠮᠣᠭ ᠪᠣᠯᠴᠢᠬᠠᠭᠰᠠᠨ ᠪᠣᠯ ᠶᠠᠭᠠᠬᠢᠨ᠎ᠠ

                        2003.516

          ᠦᠰᠦᠭ  ᠠᠮᠢᠯᠠᠭᠤᠯᠤᠭᠴᠢ ᠄ ᠭᠡᠷᠡᠯ
               ᠬᠢᠨᠠᠭᠴᠢ ᠄ ᠪᠠᠯᠵᠢ