ᠬᠥᠮᠦᠨ ᠴᠢᠯᠠᠭᠤ ( ᠬᠣᠶᠠᠷ ) - ᠭ ᠂ ᠴᠢᠩᠪᠠᠭᠠᠲᠤᠷ Хүн чулуу ( хоёр ) - Г ᠂ Чинбаатар
ᠬᠥᠮᠦᠨ ᠴᠢᠯᠠᠭᠤ ( ᠬᠣᠶᠠᠷ )
ᠭ ᠂ ᠴᠢᠩᠪᠠᠭᠠᠲᠤᠷ
ᠭᠠᠷ ᠰᠢᠭ᠋ ᠬᠦᠢᠲᠡᠨ ᠴᠤ᠌
ᠮᠥᠰᠥ ᠰᠢᠭ᠌ ᠪᠦᠯᠢᠶᠡᠬᠡᠨ ᠰᠡᠳᠬᠢᠯ ᠲᠡᠢ
ᠪᠢ ᠬᠥᠮᠦᠨ ᠴᠢᠯᠠᠭᠤ!
ᠭᠠᠯ ᠰᠢᠭ᠋ ᠨᠣᠶ᠋ᠢᠲᠠᠨ ᠴᠤ᠌
ᠤᠰᠤ ᠰᠢᠭ᠋ ᠬᠠᠭᠤᠷᠠᠢ ᠨᠢᠯᠪᠤᠰᠤ ᠲᠠᠢ
ᠪᠢ ᠬᠥᠮᠦᠨ ᠴᠢᠯᠠᠭᠤ!
ᠲᠣᠯᠣᠭᠠᠢ ᠲᠠᠢ ᠲᠠ ᠨᠠᠷ ᠰᠢᠭ᠋
ᠳᠡᠭᠡᠭᠰᠢ ᠪᠡᠨ ᠬᠠᠨᠳᠤᠭᠰᠠᠨ ᠦᠰᠦᠲᠡᠢ ᠵᠢᠷᠦᠬᠡ ᠦᠭᠡᠢ
ᠲᠣᠯᠣᠭᠠᠢ ᠦᠭᠡᠢ ᠴᠤ᠌ ᠪᠢ
ᠳᠣᠷᠣᠭᠰᠢ ᠪᠠᠨ ᠬᠠᠷᠠᠭᠰᠠᠨ ᠴᠢᠰᠤᠨ ᠵᠢᠷᠦᠬᠡ ᠲᠡᠢ
ᠪᠢ ᠬᠥᠮᠦᠨ ᠴᠢᠯᠠᠭᠤ!
ᠠᠭᠤᠯᠠ ᠬᠠᠲᠠᠨ ᠡᠴᠢᠭᠡ ᠲᠡᠢ ᠪᠢ
ᠠᠭᠤᠳᠠᠮ ᠲᠩᠷᠢ ᠶ᠋ᠢᠨ ᠠᠮᠢᠰᠬᠤᠯ ᠲᠠᠢ ᠪᠢ
ᠴᠡᠩᠬᠡᠷ ᠴᠢᠯᠠᠭᠤᠨ ᠡᠬᠡ ᠲᠡᠢ ᠪᠢ
ᠴᠢᠩ ᠪᠠᠲᠤ ᠵᠢᠷᠤᠮ ᠲᠠᠢ ᠪᠢ
ᠬᠥᠮᠦᠨ ᠴᠢᠯᠠᠭᠤ!
ᠣᠣᠯ ᠨᠢ ᠪᠢ ᠲᠣᠯᠣᠭᠠᠢ ᠲᠠᠢ ᠪᠠᠶ᠋ᠢᠭᠰᠠᠨ
ᠠᠭᠤᠷᠯᠠᠬᠤ ᠶ᠋ᠢ ᠮᠡᠳᠡᠬᠦ ᠦᠭᠡᠢ ᠵᠢᠷᠭᠠᠯ ᠲᠠᠢ ᠴᠤ᠌ ᠪᠠᠶ᠋ᠢᠭᠰᠠᠨ
ᠳᠠᠯᠠᠨ ᠭᠠᠵᠠᠷ ᠦ᠋ᠨ ᠰᠢᠷ᠎ᠠ ᠲᠠᠯ᠎ᠠ ᠪᠠᠨ ᠪᠢ
ᠳᠠᠯᠠᠢ ᠶᠡᠬᠡ ᠲᠥᠷᠥ ᠶ᠋ᠢᠨ ᠶ᠋ᠢᠡᠨ ᠨᠡᠶ᠋ᠢᠰᠯᠡᠯ ᠲᠡᠢ ᠮᠠᠨᠠᠵᠤ ᠪᠠᠶ᠋ᠢᠭᠰᠠᠨ ᠠ᠋
ᠵᠡᠭᠦᠨᠰᠢ ᠪᠡᠨ ᠭᠡᠪᠡᠯ ᠪᠠᠷᠠᠭᠤᠨᠰᠢ ᠪᠠᠨ ᠵᠢᠳᠬᠦᠳᠡᠭ
ᠬᠥᠮᠦᠨ ᠰᠢᠭ᠌ ᠵᠠᠩ ᠦᠭᠡᠢ ᠂
ᠵᠢᠷᠦᠬᠡ ᠮᠢᠨᠢ ᠲᠩᠷᠢ ᠲᠡᠢ ᠬᠠᠮᠲᠤ
ᠵᠥᠩᠲᠦ ᠬᠣᠲᠠ ᠶ᠋ᠢᠨ ᠲᠥᠯᠥᠭᠡ ᠴᠣᠬᠢᠯᠠᠵᠤ ᠪᠠᠶ᠋ᠢᠯ᠎ᠠ
ᠴᠠᠭᠠᠨ ᠬᠡᠷᠡᠮ ᠊ᠢ ᠳᠠᠪᠠᠭᠰᠠᠨ ᠴᠡᠷᠢᠭ ᠦ᠋ᠨ ᠲᠣᠭᠣᠰᠣ ᠶ᠋ᠢ
ᠴᠠᠪᠴᠢᠬᠤ ᠨᠢᠳᠦ ᠪᠡᠨ ᠢᠷᠮᠡᠯ ᠦᠭᠡᠢ ᠲᠦᠭᠰᠢᠨ ᠬᠠᠷᠠᠵᠤ ᠪᠠᠶ᠋ᠢᠯ᠎ᠠ
ᠨᠡᠶ᠋ᠢᠰᠯᠡᠯ ᠮᠢᠨᠢ ᠰᠢᠲᠠᠭᠰᠠᠨ ᠴᠤ᠌
ᠪᠢ ᠰᠢᠲᠠᠯ ᠦᠭᠡᠢ ᠦᠯᠡᠳᠡᠯ᠎ᠡ
ᠲᠠᠮᠠᠬ᠋᠎ᠠ ᠮᠢᠨᠢ ᠪᠠᠶ᠋ᠢᠭ᠎ᠠ ᠪᠣᠯᠬᠣᠷ!
ᠨᠢᠭᠡᠮᠦᠰᠦᠨ ᠥᠨᠥᠴᠢᠷᠡᠭᠰᠡᠨ ᠴᠤ᠌
ᠪᠢ ᠰᠠᠬᠢᠬᠤ ᠶᠠᠭᠤᠮ᠎ᠠ ᠲᠠᠢ ᠦᠯᠡᠳᠡᠯ᠎ᠡ
ᠲᠠᠯ᠎ᠠ ᠮᠢᠨᠢ ᠪᠠᠶ᠋ᠢᠭ᠎ᠠ ᠪᠣᠯᠬᠣᠷ!
ᠴᠡᠷᠢᠭ ᠦ᠋ᠳ ᠪᠦᠷ ᠪᠠᠶ᠋ᠢᠯᠳᠤᠵᠤ ᠦᠬᠦᠪᠡ
ᠴᠡᠴᠡᠭ ᠦ᠋ᠳ ᠪᠦᠷ ᠲᠠᠯᠪᠢ ᠪᠠᠨ ᠠᠯᠳᠠᠪᠠ
ᠮᠣᠷᠢᠳ ᠮᠢᠨᠢ ᠪᠦᠷ ᠡᠵᠡᠳ ᠶ᠋ᠢᠠᠨ ᠰᠠᠬᠢᠬᠰᠠᠭᠠᠷ ᠡᠷᠡᠰᠲᠡᠪᠡ
ᠮᠣᠩᠭᠣᠯ ᠬᠠᠭᠠᠨ ᠰᠢᠯᠦᠭ ᠶ᠋ᠢᠡᠷ ᠬᠠᠶ᠋ᠢᠯᠠᠭᠰᠠᠭᠠᠷ ᠬᠣᠯᠠᠲᠠᠪᠠ ᠁
ᠰᠢᠷ᠎ᠠ ᠲᠠᠯ᠎ᠠ ᠳ᠋ᠤ᠌ ᠪᠢ ᠢᠩᠭᠢᠵᠦ ᠭᠣᠣᠨᠢ ᠭᠠᠭᠴᠠᠭᠠᠷ ᠬᠣᠴᠣᠷᠤᠭᠰᠠᠨ ᠶᠤᠮ
ᠰᠢᠷᠬ᠎ᠠ ᠮᠢᠨᠢ ᠠᠨᠠᠯ ᠥᠬᠡᠢ ᠬᠣᠷᠢᠨ ᠨᠢᠭᠡᠳᠦᠭᠡᠷ ᠵᠠᠭᠤᠨ ᠊ᠢ ᠳᠠᠪᠠᠯ᠎ᠠ
ᠨᠤᠷᠠᠭ᠎ᠠ ᠥᠬᠡᠢ ᠲᠩᠷᠢ ᠪᠡᠨ ᠪᠢ ᠲᠤᠯᠤᠨ ᠲᠣᠷᠣᠶ᠋ᠢᠬᠰᠠᠭᠠᠷ
ᠨᠤᠲᠤᠭ ᠮᠢᠨᠢ ᠂ ᠨᠤᠲᠤᠭ ᠮᠢᠨᠢ ᠭᠡᠵᠦ ᠬᠡᠴᠢᠨᠡᠨ ᠵᠠᠭᠤᠨ ᠊ᠢ ᠳᠤᠭᠤᠯᠤᠯ᠎ᠠ
ᠳᠡᠭᠡᠳᠦᠰ ᠶ᠋ᠢᠡᠨ ᠮᠠᠷᠲᠠᠵᠤ ᠂ ᠳᠡᠪᠡᠯ ᠶ᠋ᠢᠡᠨ ᠮᠠᠷᠲᠠᠭᠰᠠᠨ
ᠳᠡᠯᠡᠬᠡᠢ ᠣᠣᠯ ᠨᠢ ᠬᠡᠨ ᠪ ᠬᠢ ᠪᠠᠶ᠋ᠢᠭᠰᠠᠨ ᠊ᠢ ᠴᠦ᠍ ᠮᠠᠷᠲᠠᠭᠰᠠᠨ ᠬᠥᠮᠦᠨ ᠲᠠ ᠨᠠᠷ
ᠡᠨᠡ ᠰᠢᠷ᠎ᠠ ᠲᠠᠯ᠎ᠠ ᠶ᠋ᠢᠨ ᠨᠠᠷᠠ ᠨᠢ ᠣᠣᠯ ᠬᠡᠨ ᠪ ᠬᠢ ᠪᠠᠶ᠋ᠢᠬᠰᠠᠨ ᠊ᠢ
ᠡᠴᠢᠭᠡ ᠡᠴᠡ ᠪᠡᠨ ᠪᠢᠲᠡᠭᠡᠢ ᠠᠰᠠᠭᠤ ᠂ ᠨᠠᠳᠠ ᠠ᠋ᠴᠠ ᠠᠰᠠᠭᠤ
ᠪᠢ ᠬᠥᠮᠦᠨ ᠴᠢᠯᠠᠭᠤ!
ᠳᠡᠭᠡᠳᠦᠰ ᠴᠢᠨᠢ ᠨᠠᠮ᠎ᠠ ᠶ᠋ᠢ ᠲᠣᠯᠣᠭᠠᠢ ᠲᠠᠢ ᠱᠤᠭᠤᠭᠰᠠᠨ ᠶᠤᠮ
ᠳᠡᠷᠭᠡᠳᠡ ᠮᠢᠨᠢ ᠰᠦᠯᠲᠡ ᠂ ᠵᠢᠷᠦᠬᠡᠨ ᠳ᠋ᠦ᠍ ᠮᠢᠨᠢ ᠣᠮᠣᠭ ᠪᠠᠶ᠋ᠢᠭᠰᠠᠨ ᠶᠤᠮ
ᠲᠡᠷᠲᠡᠭᠡ ᠠᠭᠤᠯᠠ ᠶ᠋ᠢᠨ ᠲᠣᠯᠣᠭᠠᠢ ᠠ᠋ᠴᠠ ᠨᠠᠷᠠ ᠥᠨᠳᠡᠶ᠋ᠢᠭᠡᠳ
ᠲᠩᠷᠢ ᠶ᠋ᠢᠨ ᠬᠦᠦ ᠲᠠ ᠰᠠᠶ᠋ᠢᠨ ᠪᠠᠶ᠋ᠢᠨ᠎ᠠ ᠤᠤ ᠭᠡᠵᠦ ᠮᠡᠨᠳᠦᠴᠢᠯᠡᠳᠡᠭ ᠪᠠᠶ᠋ᠢᠭᠰᠠᠨ ᠶᠤᠮ
ᠲᠠᠯᠪᠢ ᠨᠢ ᠵᠠᠳᠠᠷᠠᠭᠰᠠᠨ ᠰᠢᠷ᠎ᠠ ᠴᠡᠴᠡᠭ ᠦ᠋ᠨ ᠳᠤᠮᠳᠠᠭᠤᠷ ᠶᠠᠪᠤᠬᠤ ᠳ᠋ᠠᠭᠠᠨ
ᠳᠡᠭᠡᠳᠦᠰ ᠴᠢᠨᠢ ᠰᠢᠭᠦᠲᠡᠷᠢ ᠶ᠋ᠢ ᠨᠢ ᠬᠥᠨᠲᠡᠬᠦ ᠦᠭᠡᠢ ᠵᠥᠭᠡᠯᠡᠬᠡᠨ ᠠᠯᠬᠤᠳᠠᠭ ᠪᠠᠶ᠋ᠢᠭᠰᠠᠨ ᠶᠤᠮ
ᠳᠣᠮᠣᠭ ᠰᠢᠪᠡᠨᠡᠵᠦ ᠪᠠᠶ᠋ᠢᠨ᠎ᠠ ᠭᠡᠵᠦ ᠪᠢᠲᠡᠭᠡᠢ ᠪᠣᠳᠣ
ᠪᠢ ᠬᠥᠮᠦᠨ ᠴᠢᠯᠠᠭᠤ!
ᠳᠣᠯᠣᠭᠠᠨ ᠵᠠᠭᠤᠨ ᠪ ᠲᠡᠷᠲᠡᠭᠡᠬᠢ ᠦᠨᠡᠨ ᠊ᠢ ᠳᠤᠷᠠᠰᠴᠤ ᠪᠠᠶ᠋ᠢᠨ᠎ᠠ
ᠪᠢ ᠬᠥᠮᠦᠨ ᠴᠢᠯᠠᠭᠤ!
ᠪᠠᠶ᠋ᠢᠬᠤ ᠦᠭᠡᠢ ᠪᠣᠯᠴᠢᠬᠠᠭᠰᠠᠨ ᠲᠣᠯᠣᠭᠠᠢ ᠶ᠋ᠢ ᠮᠢᠨᠢ ᠪᠢᠲᠡᠭᠡᠢ ᠡᠷᠢ
ᠲᠠ ᠨᠠᠷ ᠣᠯᠬᠤ ᠦᠭᠡᠢ!
ᠪᠠᠶ᠋ᠢᠬᠤ ᠥᠬᠡᠢ ᠪᠣᠯᠭᠠᠭᠰᠠᠨ ᠲᠠᠮᠠᠬ᠋᠎ᠠ ᠪᠠᠨ ᠡᠷᠢ ᠂ ᠲᠤᠯᠭ᠎ᠠ ᠪᠠᠨ ᠡᠷᠢ
ᠲᠠ ᠨᠠᠷ ᠯᠠ ᠣᠯᠤᠨ᠎ᠠ!
ᠪᠢ —
ᠬᠥᠮᠦᠨ ᠴᠢᠯᠠᠭᠤ ᠶᠠᠷᠢᠵᠤ ᠪᠠᠶ᠋ᠢᠨ᠎ᠠ!
ᠳᠠᠯᠠᠢ ᠰᠠᠶ᠋ᠢᠬᠠᠨ ᠨᠤᠲᠤᠭ ᠶ᠋ᠢᠠᠨ ᠰᠡᠭᠴᠢᠭᠦᠯᠬᠦ ᠶ᠋ᠢ ᠴᠢᠨᠢ ᠬᠠᠷᠠᠬᠤ ᠦᠭᠡᠢ ᠭᠡᠵᠦ
ᠳᠠᠬᠢᠭᠠᠳ ᠪᠢ ᠡᠶ᠋ᠢᠮᠦ ᠭᠤᠨᠢᠬ ᠊ᠢ ᠳᠠᠭᠠᠭᠠᠬᠤ ᠦᠭᠡᠢ ᠪᠣᠯᠬᠣᠷ
ᠥᠭᠡᠳᠡ ᠦᠭᠡᠢ ᠲᠠ ᠨᠠᠷ ᠊ᠢ ᠳᠠᠭᠤᠷᠢᠶᠠᠭᠰᠠᠨ ᠵᠢᠰᠦᠨ ᠡᠴᠡ ᠪᠡᠨ ᠴᠤ᠌ ᠪᠢ ᠢᠴᠢᠭᠡᠳ
ᠥᠪᠡᠷ ᠦ᠋ᠨ ᠲᠣᠯᠣᠭᠠᠢ ᠪᠠᠨ ᠪᠣᠯᠭᠣ ᠲᠠᠲᠠᠭᠠᠳ ᠬᠡᠮᠬᠡ ᠳᠡᠪᠰᠡᠴᠢᠭᠡᠭᠰᠡᠨ ᠶᠤᠮ!
ᠪᠢ ᠲᠣᠯᠣᠭᠠᠢ ᠦᠭᠡᠢ ᠬᠥᠮᠦᠨ ᠴᠢᠯᠠᠭᠤ
ᠲᠠ ᠨᠠᠷ — ᠲᠣᠯᠣᠭᠠᠢ ᠲᠠᠢ ᠬᠥᠮᠦᠨ ᠪ ᠴᠢᠯᠠᠭᠤ!
ᠦᠰᠦᠭ ᠠᠮᠢᠯᠠᠭᠤᠯᠤᠭᠴᠢ ᠿᠦᠩ ᠰᠢ
ᠬᠢᠨᠠᠭᠴᠢ ᠄ ᠪᠠᠯᠵᠢ
