ᠬᠥᠮᠦᠨ ᠴᠢᠯᠠᠭᠤ ( ᠨᠢᠭᠡ ) - ᠭ ᠂ ᠴᠢᠩᠪᠠᠭᠠᠲᠤᠷ Хүн чулуу ( нэг ) - Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠴᠢᠯᠠᠭᠤ ( ᠨᠢᠭᠡ ) - ᠭ ᠂ ᠴᠢᠩᠪᠠᠭᠠᠲᠤᠷ Хүн чулуу ( нэг ) - Г ᠂ Чинбаатар

ᠬᠥᠮᠦᠨ ᠴᠢᠯᠠᠭᠤ ( ᠨᠢᠭᠡ ) - ᠭ ᠂ ᠴᠢᠩᠪᠠᠭᠠᠲᠤᠷ Хүн чулуу ( нэг ) - Г ᠂ Чинбаатар

2023-03-16

275

ᠬᠥᠮᠦᠨ ᠴᠢᠯᠠᠭᠤ ( ᠨᠢᠭᠡ )


            ᠭ ᠂ ᠴᠢᠩᠪᠠᠭᠠᠲᠤᠷ

ᠲᠡᠳᠡᠨᠦᠰ
ᠳᠡᠯᠡᠬᠡᠢ ᠶ᠋ᠢᠨ ᠬᠣᠶ᠋ᠢᠮᠣᠷ ᠊ᠢ ᠥᠮᠴᠢᠯᠡᠬᠦ ᠪᠡᠷ ᠢᠷᠡᠵᠡᠭᠡᠪᠡ
ᠲᠡᠭᠷᠢᠯᠢᠭ ᠭᠠᠵᠠᠷ ᠤᠰᠤᠨ ᠪ ᠮᠢᠨᠢ ᠪᠦᠲᠦᠨ ᠵᠠᠶᠠᠭ᠎ᠠ ᠶ᠋ᠢ
ᠲᠡᠭᠡᠭᠡᠪᠦᠷᠢ ᠶ᠋ᠢᠨ ᠣᠩᠭᠣᠴᠠ  ᠰᠢᠭ᠋ ᠭᠡᠯᠲᠡᠶ᠋ᠢᠯᠭᠡᠵᠦ ᠬᠠᠶᠠᠭᠠᠳ
ᠳᠡᠭᠡᠳᠦ ᠨᠡᠶ᠋ᠢᠰᠯᠡᠯ  ᠊ᠢ ᠮᠢᠨᠢ ᠪᠠᠭᠤᠷᠠᠢ  ᠪᠣᠯᠲᠠᠯ᠎ᠠ ᠴᠦᠯᠪᠡᠪᠡ
ᠲᠡᠳᠡᠨ ᠪ ᠮᠥᠷ ᠶ᠋ᠢᠡᠷ
ᠲᠡᠯᠪᠢᠯᠡᠭᠰᠡᠨ ᠴᠡᠴᠡᠭ ᠦ᠋ᠨ ᠰᠢᠭᠦᠳᠡᠷᠢ ᠠᠭᠠᠲᠠᠷᠯᠠᠨ
ᠳᠡᠨᠵᠢ ᠶ᠋ᠢᠨ ᠨᠣᠭᠣᠭ᠎ᠠ ᠴᠢᠰᠤᠨ ᠮᠥᠷ ᠶ᠋ᠢᠡᠷ ᠭᠠᠩᠳᠠᠨ
ᠨᠤᠲᠤᠭ ᠦ᠋ᠨ ᠮᠢᠨᠢ ᠬᠤᠯᠤᠭᠠᠨ᠎ᠠ ᠬᠦᠷᠲᠡᠯ᠎ᠡ  ᠨᠦᠬᠡ ᠪᠡᠨ ᠣᠯᠬᠤ ᠦᠭᠡᠢ ᠲᠡᠮᠲᠡᠴᠢᠵᠦ
ᠨᠤᠭᠲᠤᠷᠤ ᠰᠢᠪᠠᠭᠤ ᠮᠢᠨᠢ ᠲᠩᠷᠢ ᠪᠡᠨ ᠣᠯᠬᠤ ᠦᠭᠡᠢ  ᠪᠠᠲᠠᠷᠢᠯᠲᠤᠪᠠ
ᠠᠯᠲᠠᠨ ᠣᠷᠣᠭᠳᠠᠨ ᠪ ᠬᠠᠭᠠᠨ ᠰᠢᠷᠡᠭᠡᠨ ᠎ᠳ᠋ᠦ᠍ ᠰᠠᠭᠠᠲᠠᠬᠤ ᠲᠠᠪᠢᠯᠠᠩ ᠣᠯᠲᠠᠬ᠋᠎ᠠ ᠦᠭᠡᠢ ᠴᠤ᠌
ᠠᠯᠲᠠᠨ  ᠲᠥᠷᠥ ᠶ᠋ᠢᠨ ᠮᠢᠨᠢ ᠠᠮᠤᠭᠤᠯᠠᠩ ᠵᠤᠰᠠᠯᠠᠩ  ᠊ᠢ ᠤᠲᠤᠭᠠᠨ ᠎ᠳ᠋ᠤ᠌ ᠪᠣᠯᠠᠪᠠ
ᠲᠣᠯᠣᠭᠠᠢ ᠲᠠᠢ ᠪᠦᠬᠦᠨ ᠎ ᠊ᠢ ᠡᠮᠦᠨ᠎ᠡ ᠪᠡᠨ ᠪᠥᠬᠥᠶ᠋ᠢᠯᠭᠡᠵᠦ
ᠲᠣᠶ᠋ᠢᠬ ᠲᠠᠢ ᠪᠦᠬᠦᠨ ᠎ ᠊ᠢ ᠰᠥᠭᠦᠲᠦᠭᠦᠯᠬᠦ ᠪᠡᠷ ᠳᠡᠮᠡᠶ᠋ᠢᠷᠡᠪᠡ
ᠭᠡᠪᠡᠴᠦ
ᠬᠠᠭᠠᠨ ᠪ ᠨᠤᠲᠤᠭ ᠳᠡᠭᠡᠷ᠎ᠡ ᠰᠢᠪᠠᠭᠠᠷᠠᠯᠲᠤᠬᠤ
ᠬᠠᠷᠢ ᠶ᠋ᠢᠨ ᠴᠠᠭᠠᠴᠢᠳ ᠲᠠᠢ ᠲᠤᠯᠤᠯᠲᠤᠬᠤ
ᠬᠠᠲᠠᠨ ᠢᠯᠲᠦ ᠂ ᠪᠣᠯᠣᠳ ᠨᠤᠮᠤ ᠨᠠᠲᠠ ᠪᠠᠶ᠋ᠢᠬᠰᠠᠨ ᠦᠭᠡᠢ
ᠮᠥᠩᠬᠡ ᠲᠡᠭᠷᠢ ᠶ᠋ᠢᠨ ᠶ᠋ᠢᠠᠨ ᠳᠣᠣᠷ᠎ᠠ ᠦᠬᠦᠭᠡ ᠦᠭᠡᠢ ᠦᠯᠡᠳᠡᠭᠰᠡᠨ ᠨᠠᠳᠠ
ᠮᠥᠷᠭᠥᠬᠦ ᠲᠣᠯᠣᠭᠠᠢ ᠨᠡᠩ  ᠣᠯᠲᠠᠭᠰᠠᠨ ᠦᠭᠡᠢ

        ᠦᠰᠦᠭ ᠠᠮᠢᠯᠠᠭᠤᠯᠤᠭᠴᠢ  ᠄ ᠿᠦᠩ ᠰᠢ
            ᠬᠢᠨᠠᠭᠴᠢ ᠄ ᠪᠠᠯᠵᠢ