ᠮ · ᠴᠡᠷᠡᠨᠲᠤᠯᠮᠠ ᠳ᠋ᠠᠭᠠᠨ - ᠷ ᠂ ᠴᠣᠢᠨᠣᠮ М · Цэрэндуламдаа - Р ᠂ Чойном
ᠮ · ᠴᠡᠷᠡᠨᠲᠤᠯᠮᠠ ᠳ᠋ᠠᠭᠠᠨ
ᠲᠡᠰᠴᠦ ᠢᠨᠠᠭᠯᠠᠭᠰᠠᠨ ᠬᠣᠩᠭᠣᠷ ᠮᠢᠨᠢ ᠡ
ᠳᠠᠬᠢᠭᠠᠳ ᠨᠢᠭᠡ ᠰᠢᠯᠦᠭ ᠊ᠢ ᠮᠢᠨᠢ ᠤᠩᠰᠢᠭᠠᠴᠢ ᠂
ᠳᠠᠩᠴᠤ ᠪᠢ ᠴᠢᠮ᠎ᠠ ᠳ᠋ᠠᠭᠠᠨ ᠬᠠᠶ᠋ᠢᠷᠠᠲᠠᠢ ᠰᠢᠭ᠋ ᠶ᠋ᠢᠡᠨ
ᠳᠠᠩᠴᠤ ᠪᠠᠰᠠ ᠪᠣᠭᠣᠨᠢᠬᠠᠨ ᠨᠠᠰᠤᠲᠠᠢ ᠰᠢᠦ !
ᠠᠮᠠᠷᠠᠭᠯᠠᠯ ᠦ᠋ᠨ ᠰᠠᠶ᠋ᠢᠬᠠᠨ ᠳᠤ ᠬᠠᠭᠤᠷᠲᠠᠭᠠᠳ
ᠠᠶᠤᠯ ᠪᠦᠬᠦᠨ ᠊ᠢ ᠮᠠᠷᠲᠠᠵᠤ ᠪᠣᠯᠤᠨ᠎ᠠ
ᠤᠷᠠᠨ ᠰᠢᠯᠦᠭ ᠦ᠋ᠨ ᠦᠭᠡᠨ ᠳᠤ ᠬᠠᠭᠤᠷᠲᠠᠭᠠᠳ
ᠤᠷᠢᠲᠤᠬᠢ ᠬᠣᠶ᠋ᠢᠲᠤᠬᠢ ᠪᠠᠨ ᠮᠠᠷᠲᠠᠵᠤ ᠪᠣᠯᠤᠨ᠎ᠠ ᠃
ᠰᠠᠶ᠋ᠢᠬᠠᠨ ᠴᠢᠮᠠᠶ᠋ᠢ ᠪᠠᠨ ᠬᠠᠷᠠᠭᠠᠳ ᠪᠢ
ᠰᠠᠷ᠎ᠠ ᠲᠠᠢ ᠬᠣᠷᠸ᠋᠎ᠠ ᠶ᠋ᠢ ᠮᠠᠷᠲᠠᠵᠤ ᠪᠣᠯᠤᠨ᠎ᠠ
ᠮᠠᠭᠤᠬᠠᠢ ᠬᠦᠦ ᠪᠡᠨ ᠬᠠᠷᠠᠭᠠᠳ ᠴᠢ
ᠮᠠᠭᠤ ᠪᠦᠬᠦᠨ ᠊ᠢ ᠮᠠᠷᠲᠠᠵᠤ ᠪᠣᠯᠤᠨ᠎ᠠ ᠃
ᠬᠠᠷᠢᠨ ᠂ ᠢᠷᠠᠭᠤ ᠨᠠᠶ᠋ᠢᠷᠠᠭᠴᠢ ᠶ᠋ᠢᠨ ᠠᠷᠤ ᠳᠤ
ᠬᠠᠷᠢᠭᠤ ᠦᠭᠡᠢ ᠣᠶ᠋ᠢᠷᠠᠬᠠᠨ ᠢᠷᠡᠭᠰᠡᠨ ᠦᠬᠦᠯ ᠊ᠢ ᠮᠠᠷᠲᠠᠵᠤ ᠪᠣᠯᠬᠤ ᠦᠭᠡᠢ
ᠬᠣᠷᠸ᠋᠎ᠠ ᠶ᠋ᠢᠨ ᠭᠠᠭᠴᠠ ᠦᠨᠡᠨ ᠲᠡᠷᠡ ᠪᠣᠯᠬᠤ ᠪᠠᠷ
ᠬᠣᠶᠠᠷ ᠴᠢᠬᠢ ᠪᠡᠨ ᠲᠠᠭᠯᠠᠭᠠᠳ ᠴᠤ᠌ ᠨᠡᠮᠡᠷᠢ ᠦᠭᠡᠢ ᠃
ᠢᠨᠠᠭ ᠬᠣᠩᠭᠣᠷ ᠮᠢᠨᠢ ᠪᠤᠤ ᠭᠠᠶ᠋ᠢᠬᠠ
ᠶᠠᠭᠠᠬᠢᠨ᠎ᠠ ᠠ᠋ ᠡᠶ᠋ᠢᠨᠡ ᠡ ᠭᠡᠵᠦ ᠪᠤᠤ ᠭᠤᠨᠢᠬᠠᠷᠠ !
ᠶᠠᠷᠢᠬᠤ ᠶᠠᠭᠤᠮ᠎ᠠ ᠪᠠᠨ ᠣᠯᠵᠤ ᠶᠠᠲᠠᠭᠠᠳ ᠡᠭᠦᠨ ᠊ᠢ ᠪᠢᠴᠢᠭᠡ ᠦᠭᠡᠢ
ᠶᠠᠩᠭᠤᠷᠬᠠᠵᠤ ᠂ ᠦᠬᠦᠯ ᠶ᠋ᠢᠡᠷ ᠳᠠᠯᠠᠶ᠋ᠢᠯᠭᠠᠬᠤ ᠳ᠋ᠠᠭᠠᠨ ᠡᠭᠦᠨ ᠊ᠢ ᠬᠡᠯᠬᠢᠭᠡ ᠦᠭᠡᠢ
ᠠᠮᠢᠲᠠᠨ ᠪᠦᠬᠦᠨ ᠊ᠢ ᠬᠣᠷᠢᠬᠯᠠᠵᠤ ᠪᠠᠶ᠋ᠢᠬᠤ ᠳᠤ
ᠠᠮᠠᠷᠠᠭᠯᠠᠵᠤ ᠴᠢ ᠪᠢᠲᠡᠨ ᠬᠣᠶᠠᠷ ᠳᠠᠰᠤᠭᠰᠠᠨ
ᠠᠷᠬ᠋᠎ᠠ ᠦᠭᠡᠢ ᠠᠮᠠᠷᠠᠭ ᠦ᠋ᠨ ᠬᠣᠷᠢᠬ ᠦᠭᠡᠢ ᠰᠡᠤᠠᠬᠢᠯ ᠊ᠢ
ᠠᠶ᠋ᠢᠮᠠᠭ ᠰᠤᠮᠤ ᠪᠠᠷ ᠶ᠋ᠢᠠᠨ ᠳᠡᠢᠯᠳᠡᠭ ᠦᠭᠡᠢ ᠶᠤᠮ ᠪᠢᠯᠡ ᠃
ᠣᠲᠣ ᠪᠢ ᠴᠢᠨᠦᠬᠢ ᠂ ᠬᠣᠩᠭᠣᠷ ᠮᠢᠨᠢ !
ᠣᠷᠴᠢᠯᠠᠩ ᠳᠤ ᠪᠢ ᠂ ᠥᠭᠡᠷ᠎ᠡ ᠬᠡᠨ ᠪ ᠬᠢ ᠴᠤ᠌ ᠪᠢᠰᠢ ᠂
ᠣᠯᠠᠨ ᠪ ᠠᠮᠠ ᠰᠠᠶ᠋ᠢᠨ ᠴᠤ᠌ ᠪᠠᠶ᠋ᠢᠬᠰᠠᠨ ᠂ ᠮᠠᠭᠤ ᠴᠤ᠌ ᠪᠠᠶ᠋ᠢᠬᠰᠠᠨ
ᠣᠰᠣᠯ ᠦᠭᠡᠢ ᠨᠢᠭᠡᠨ ᠰᠢᠯᠦᠭᠴᠢ ᠴᠢᠨᠦᠬᠢ ᠪᠣᠯᠤᠯ᠎ᠠ ᠃
ᠠᠯᠠᠭ ᠲᠠᠢ ᠴᠣᠭᠣᠭ ᠲᠠᠢ ᠡᠨᠡ ᠬᠣᠷᠸ᠋᠎ᠠ ᠳᠡᠭᠡᠷ᠎ᠡ
ᠠᠪᠢᠶᠠᠰ ᠠᠲᠠᠷᠠᠮᠠ ᠬᠣᠶᠠᠷ ᠊ᠢ ᠡᠭᠦᠷᠴᠦ ᠲᠥᠷᠥᠭᠰᠡᠨ
ᠠᠷᠠᠳ ᠰᠢᠯᠦᠭᠴᠢ ᠶ᠋ᠢᠨ ᠥᠨᠥᠲᠥᠷ ᠡᠴᠡ ᠬᠣᠶ᠋ᠢᠰᠢᠬᠢ
ᠠᠮᠢᠲᠤᠷᠠᠯ
ᠠᠯᠲᠠᠬ᠋᠎ᠠ
ᠠᠯᠲᠠᠷ
ᠠᠮᠠᠷᠠᠭᠯᠠᠯ
ᠠᠮᠵᠢᠯᠲᠠ
ᠴᠥᠮ ᠴᠢᠨᠦ ᠶᠤᠮ !
ᠪᠦᠭᠦᠲᠡ ᠶ᠋ᠢ ᠨᠢ ᠴᠢ ᠮᠡᠲᠡᠨ᠎ᠡ ᠂
ᠪᠦᠲᠦᠭᠡᠯ ᠪᠦᠲᠦᠭᠡᠯ ᠦ᠋ᠨ ᠳᠡᠭᠡᠳᠦ ᠪᠡᠷ ᠤᠷᠭᠤᠭᠤᠯᠤᠨ᠎ᠠ ᠤᠤ
ᠪᠦᠲᠡᠭᠡᠯᠭᠡ ᠳᠠᠪᠤᠤ ᠶ᠋ᠢᠨ ᠳᠣᠣᠭᠤᠷ ᠰᠢᠷᠭᠤᠭᠤᠯᠤᠨᠠ ᠤᠤ
ᠪᠦᠷ ᠂ ᠭᠡᠷ ᠲᠡᠷᠭᠡᠨ ᠪ ᠮᠣᠷᠢ ᠪᠣᠯᠭᠠᠨ᠎ᠠ ᠤᠤ
ᠪᠦᠭᠦᠲᠡ ᠶ᠋ᠢ ᠨᠢ ᠴᠢ ᠮᠡᠲᠡᠨ᠎ᠡ !
ᠬᠠᠷᠢᠨ ᠭᠠᠭᠴᠠᠬᠠᠨ ᠶᠠᠭᠤᠮ᠎ᠠ ᠶ᠋ᠢ ᠴᠢ ᠮᠡᠲᠡᠬᠦ ᠦᠭᠡᠢ
ᠬᠠᠶ᠋ᠢᠷᠠᠯᠠᠵᠤ ᠪᠠᠶ᠋ᠢᠬᠰᠠᠨ ᠴᠤ᠌
ᠬᠠᠶ᠋ᠢᠷ᠎ᠠ ᠨᠢ ᠬᠠᠭᠤᠴᠢᠷᠠᠭᠠᠳ
ᠬᠠᠷᠢᠶᠠᠵᠤ ᠪᠠᠶ᠋ᠢᠬᠰᠠᠨ ᠴᠤ᠌
ᠬᠠᠷᠠᠲᠠᠵᠤ ᠂ ᠡᠰᠡᠪᠡᠯ ᠴᠢ ᠥᠪᠡᠷ ᠶ᠋ᠢᠡᠨ ᠮᠡᠬᠡᠯᠡᠵᠦ ᠪᠠᠶ᠋ᠢᠬᠰᠠᠨ ᠴᠤ᠌
ᠬᠠᠶ᠋ᠢᠬᠤᠷᠤᠯ ᠦᠭᠡᠢ ᠨᠢᠭᠡ ᠯᠠ ᠠᠶᠤᠮᠰᠢᠬᠲᠤ ᠡᠲᠦᠷ
ᠬᠠᠭᠠᠴᠠᠯ ᠭᠡᠳᠡᠭ ᠰᠦᠷᠲᠦ ᠠᠶᠤᠯ ᠢᠷᠡᠨ᠎ᠡ
ᠲᠡᠭᠦᠨ ᠊ᠢ ᠬᠣᠶ᠋ᠢᠰᠢᠯᠠᠭᠤᠯᠵᠤ ᠂ ᠤᠷᠤᠭᠰᠢᠯᠠᠭᠤᠯᠵᠤ ᠴᠢ ᠮᠡᠲᠡᠬᠦ ᠦᠭᠡᠢ ᠃
ᠴᠢᠩ ᠵᠢᠷᠦᠬᠡᠨ ᠪ ᠬᠡᠮᠵᠢᠶ᠎ᠡ ᠬᠠᠷᠠᠭᠠᠯᠵᠠᠯ ᠦᠭᠡᠢ
ᠴᠢ ᠦᠯᠡᠲᠡᠵᠦ ᠂ ᠪᠢ ᠶᠠᠪᠤᠨ᠎ᠠ ᠃
ᠴᠢᠪᠢᠯ ᠨᠢᠭᠦᠯᠲᠦ ᠬᠣᠷᠸ᠋᠎ᠠ ᠶ᠋ᠢᠨ ᠪᠠᠬ᠎ᠠ ᠶ᠋ᠢ ᠬᠠᠩᠭᠠᠵᠤ
ᠴᠢ ᠮᠢᠨᠢ ᠂ ᠠᠷᠭᠠᠴᠠᠬ᠋ᠠ ᠦᠭᠡᠢ ᠥᠬᠢᠨ ᠰᠢᠭ᠌ ᠤᠬᠢᠯᠠᠨ ᠬᠠᠶ᠋ᠢᠯᠠᠨᠠ ᠃
ᠲᠡᠭᠡᠭᠡᠳ ᠂ ᠢᠷᠠᠭᠤ ᠨᠠᠶ᠋ᠢᠷᠠᠭᠴᠢ ᠠᠯᠠᠬ᠋᠎ᠠ ᠪᠣᠯᠤᠨ᠎ᠠ
ᠲᠡᠷᠲᠡᠭᠡ ᠪᠠᠲᠤᠨᠤᠷᠪᠤ ᠶ᠋ᠢᠨ ᠳᠤᠯᠠᠭᠠᠬᠠᠨ ᠬᠠᠷᠠᠩᠭᠤᠢ ᠰᠥᠨᠢ ᠨᠤᠭᠦᠳ ᠲᠦ
ᠲᠡᠮᠲᠡᠷᠢᠵᠦ ᠨᠢᠭᠤᠭᠲᠠᠵᠤ ᠪᠡᠶ᠎ᠡ ᠪᠡᠶ᠎ᠡ ᠳ᠋ᠡᠭᠡᠨ ᠣᠴᠢᠲᠠᠭ ᠪᠠᠶ᠋ᠢᠬᠰᠠᠨ
ᠲᠡᠰᠬᠡᠯ ᠦᠭᠡᠢ ᠬᠠᠶ᠋ᠢᠷᠠᠲᠤ ᠬᠥᠮᠦᠨ ᠴᠢᠨᠢ ᠠᠯᠠᠬ᠋᠎ᠠ ᠪᠣᠯᠤᠨ᠎ᠠ ᠃
ᠪᠠᠭᠲᠠᠷᠠᠲᠠᠯ᠎ᠠ ᠪᠠᠨ ᠴᠢᠮᠠᠶ᠋ᠢ ᠲᠡᠪᠡᠷᠢᠵᠦ ᠪᠠᠶ᠋ᠢᠬᠰᠠᠨ ᠴᠡᠭᠡᠵᠢ
ᠪᠠᠷᠠᠭᠤᠨ ᠱᠣᠩ ᠳᠡᠭᠡᠷ᠎ᠡ23/6 ᠭᠡᠵᠦ ᠰᠡᠢᠯᠦᠭᠰᠡᠨ ᠲᠡᠷᠡ ᠭᠠᠷ
ᠪᠠᠶ᠋ᠢᠰᠢᠩ ᠦ᠋ᠨ ᠬᠠᠨᠠᠨ ᠳᠡᠭᠡᠷ᠎ᠡ ᠵᠢᠷᠦᠬᠡ ᠵᠢᠷᠤᠭᠰᠠᠨ ᠬᠤᠷᠤᠭᠤ
ᠪᠠᠶ᠋ᠢᠨ ᠪᠠᠶ᠋ᠢᠨ ᠴᠢᠮᠠᠶ᠋ᠢ ᠪᠠᠨ ᠮᠠᠭᠤᠵᠢᠷᠠᠵᠤ ᠤᠨᠠᠲᠠᠯ᠎ᠠ ᠥᠨᠥᠰᠦᠭᠰᠡᠨ ᠬᠣᠰᠢᠭᠤ
ᠪᠠᠶ᠋ᠢᠬᠤ ᠦᠭᠡᠢ ᠪᠣᠯᠤᠨ᠎ᠠ ! ᠁
ᠡᠲᠦᠷ ᠁ ᠰᠠᠷ᠎ᠠ ᠁ ᠵᠢᠯ ᠦ᠋ᠳ ᠁
ᠥᠩᠭᠡᠷᠡᠭᠰᠡᠭᠡᠷ ᠂ ᠵᠤᠵᠠᠭᠠᠬᠠᠨ ᠬᠣᠨᠣᠭ ᠨᠢᠮᠭᠡᠷᠡᠨ᠎ᠡ ᠂
ᠥᠨᠥ ᠵᠤᠨ ᠪ ᠨᠠᠷᠠ ᠰᠢᠭ᠋ ᠬᠠᠯᠠᠭᠤᠨ ᠬᠠᠶ᠋ᠢᠷ᠎ᠠ
ᠥᠨᠢ ᠡᠷᠲᠡᠨ ᠪ ᠦᠯᠢᠭᠡᠷ ᠳᠣᠮᠣᠭ ᠰᠢᠭ᠋ ᠬᠣᠴᠣᠷᠤᠭᠲᠠᠨᠠ ᠃
ᠪᠠᠶ᠋ᠢᠲᠠᠯ ᠶᠠᠮᠠᠷ ᠴᠤ᠌ ᠪᠠᠶ᠋ᠢᠯ᠎ᠠ ᠭᠡᠰᠡᠨ ᠂ ᠲᠡᠷᠡ ᠴᠠᠭ ᠲᠦ ᠴᠢ
ᠪᠠᠲᠤᠨᠤᠷᠪᠤ ᠶ᠋ᠢᠨ ᠳᠡᠪᠲᠡᠷ ᠊ᠢ ᠮᠢᠨᠢ ᠰᠡᠬᠦᠬᠦ ᠤᠤ ?
ᠣᠷᠴᠢᠯᠠᠩ ᠳᠤ ᠭᠠᠭᠴᠠᠬᠠᠨ ᠴᠢᠮᠠᠶ᠋ᠢ ᠭᠡᠵᠦ ᠶᠠᠪᠤᠭᠰᠠᠨ ᠰᠢᠯᠦᠭᠴᠢ ᠶ᠋ᠢᠨ
ᠣᠩᠭᠢᠷᠠᠬ᠋ᠠ ᠮᠥᠷ ᠦ᠋ᠳ ᠊ᠢ ᠳᠠᠬᠢᠨ ᠤᠩᠰᠢᠬᠤ ᠤᠤ ?
ᠴᠣᠩᠬᠣ ᠶ᠋ᠢ ᠴᠢᠨᠢ ᠲᠣᠭᠰᠢᠬᠤ ᠳᠤ ᠨᠠᠲᠠ ᠳ᠋ᠠᠭᠠᠨ
ᠴᠣᠴᠢᠷᠲᠠᠵᠤ ᠪᠠᠶ᠋ᠢᠬᠰᠠᠨ ᠰᠢᠭ᠋ ᠶ᠋ᠢᠡᠨ ᠵᠢᠷᠦᠬᠡ ᠴᠢᠨᠢ
ᠬᠣᠷᠢᠨ ᠨᠠᠰᠤᠲᠠᠢ ᠪᠦᠰᠡᠭᠦᠢ ᠶ᠋ᠢᠨ ᠥᠨᠲᠥᠷ ᠬᠦᠴᠦᠲᠡᠯ ᠶ᠋ᠢᠡᠷ
ᠬᠣᠷᠸ᠋᠎ᠠ ᠶ᠋ᠢ ᠮᠠᠷᠲᠠᠨ ᠳᠣᠭᠳᠣᠯᠵᠤ ᠴᠢᠲᠠᠬᠤ ᠪᠣᠯᠪᠠ ᠤᠤ ?
ᠬᠡᠷᠪᠡ ᠴᠢᠲᠠᠬᠤ ᠪᠣᠯ ᠴᠢᠨᠢ ᠪᠢ
ᠬᠡᠴᠡᠭᠦᠦ ᠦᠬᠦᠯ ᠊ᠢ ᠵᠠᠭᠤᠨ ᠵᠢᠯ ᠶ᠋ᠢᠡᠷ ᠬᠣᠶ᠋ᠢᠰᠢᠯᠠᠭᠤᠯᠵᠤ ᠴᠢᠲᠠᠨ᠎ᠠ ᠂
ᠴᠢᠲᠠᠬᠤ ᠦᠭᠡᠢ ᠭᠡᠪᠡᠯ ᠂ ᠥᠨᠥᠲᠥᠷ ᠴᠤ᠌ ᠪᠢ
ᠴᠢᠮᠠᠶ᠋ᠢ ᠪᠠᠨ ᠣᠷᠬᠢᠭᠠᠳ ᠨᠢᠲᠦ ᠠᠨᠢᠬᠤ ᠳᠤ ᠪᠡᠯᠡᠨ ᠪᠠᠶ᠋ᠢᠨ᠎ᠠ ᠃
1974.8.9
《 ᠷ · ᠴᠣᠶ᠋ᠢᠨᠣᠮ ᠦ᠋ᠨ ᠰᠢᠯᠦᠭ ᠵᠣᠬᠢᠶᠠᠯ ᠦ᠋ᠨ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ᠍᠊ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠤᠳ ᠳᠣᠷᠵᠢ
ᠦᠰᠦᠭ ᠠᠮᠢᠯᠠᠭᠤᠯᠤᠭᠴᠢ : ᠪᠠᠶᠠᠨᠰᠡᠷᠡᠩ
ᠬᠢᠨᠠᠭᠴᠢ ᠪᠠᠭᠰᠢ : ᠮᠥᠩᠭᠦᠨᠴᠡᠴᠡᠭ
