ᠨᠠᠮᠤᠷ ᠦ᠋ᠨ ᠨᠠᠪᠴᠢ - ᠭᠦᠷᠵᠠᠪ Намрын навч - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠦ᠋ᠨ ᠨᠠᠪᠴᠢ - ᠭᠦᠷᠵᠠᠪ Намрын навч - Гүржав

ᠨᠠᠮᠤᠷ ᠦ᠋ᠨ ᠨᠠᠪᠴᠢ - ᠭᠦᠷᠵᠠᠪ Намрын навч - Гүржав

2023-03-16

428

ᠨᠠᠮᠤᠷ ᠦ᠋ᠨ ᠨᠠᠪᠴᠢ


          ( ᠤᠨᠠᠬᠤ ᠨᠠᠪᠴᠢ ᠶ᠋ᠢ ᠦᠵᠡᠭᠡᠳ ᠤᠶᠠᠷᠠᠵᠤ ᠰᠡᠳᠬᠢᠭᠰᠡᠨ ᠰᠢᠯᠦᠭ )
                  ᠭᠦᠷᠵᠠᠪ
 ᠨᠠᠮᠤᠷ  ᠦ᠋ᠨ ᠨᠠᠪᠴᠢ
 ᠨᠠᠪ ᠨᠠᠮᠤᠭᠤᠬᠠᠨ ᠱᠠᠷᠴᠢᠭᠢᠨᠠᠨ ᠤᠨᠠᠨ᠎ᠠ
 ᠨᠠᠷᠠᠨ ᠪ ᠰᠢᠷᠭᠠᠯ ᠭᠡᠷᠡᠯ ᠵᠠᠶ᠋ᠢᠲᠠᠯᠠᠨ
 ᠨᠠᠰᠤᠨ ᠪ  ᠠᠯᠲᠠᠨ ᠳᠥᠷᠥᠭᠡ ᠰᠡᠨᠵᠢᠯᠡᠨ
 ᠨᠠᠪ ᠨᠠᠮᠤᠭᠤᠬᠠᠨ ᠱᠠᠷᠴᠢᠭᠢᠨᠠᠨ ᠤᠨᠠᠨ᠎ᠠ
 ᠨᠠᠬᠢᠶ᠎ᠠ ᠴᠤᠬᠤᠶ᠋ᠢᠯᠭᠠᠬᠤ ᠬᠠᠪᠤᠷ ᠦ᠋ᠨ ᠡᠬᠢᠨ  ᠳᠤ
 ᠨᠠᠯᠠᠭᠠᠷ ᠬᠦᠷᠦᠰᠦᠨ᠎ᠡ  ᠦᠨᠳᠦᠰᠦᠯᠡᠭᠰᠡᠨ ᠶ᠋ᠢᠡᠨ ᠰᠠᠨᠠᠨ
 ᠨᠠᠮᠢᠷᠠᠬ᠋᠎ᠠ ᠰᠡᠪᠡᠷᠡᠭᠦᠨ ᠵᠤᠨ ᠪ ᠡᠷᠡᠨ  ᠳᠤ
 ᠨᠠᠮᠠᠬ᠋᠎ᠠ ᠳᠡᠯᠭᠡᠨ ᠰᠣᠭᠰᠣᠯᠵᠠᠭᠰᠠᠨ ᠶ᠋ᠢᠠᠨ ᠪᠣᠲᠣᠨ
 ᠨᠠᠪ ᠨᠠᠮᠤᠭᠤᠬᠠᠨ ᠱᠠᠷᠴᠢᠭᠢᠨᠠᠨ ᠤᠨᠠᠨ᠎ᠠ
 ᠨᠠᠭᠠᠤᠠᠴᠤ ᠲᠣᠭᠯᠠᠲᠠᠭ ᠣᠯᠠᠨ ᠬᠡᠦᠬᠡᠳ ᠦ᠋ᠳ ᠊ᠢ
 ᠨᠠᠷᠭᠢᠶᠠᠨᠲᠤ ᠡᠯᠢᠭᠡᠨ ᠳ᠋ᠡᠭᠡᠨ ᠲᠣᠭᠯᠠᠭᠤᠯᠲᠠᠭ ᠶ᠋ᠢᠠᠨ ᠳᠤᠷᠠᠰᠤᠨ 
 ᠨᠠᠶ᠋ᠢᠷᠰᠠᠭ ᠳᠣᠲᠣᠨᠣ ᠡᠷᠪᠡᠬᠡᠢ ᠵᠥᠭᠡᠢ ᠨᠤᠭᠦᠳ ᠊ᠢ
 ᠨᠠᠮᠠᠬ᠋᠎ᠠ ᠰᠠᠯᠠᠭᠠᠨ ᠳ᠋ᠠᠭᠠᠨ  ᠡᠷᠭᠢᠭᠦᠯᠳᠡᠭ ᠶ᠋ᠢᠡᠨ ᠲᠣᠭᠠᠴᠢᠨ
 ᠨᠠᠪ ᠨᠠᠮᠤᠭᠤᠬᠠᠨ ᠱᠠᠷᠴᠢᠭᠢᠨᠠᠨ ᠤᠨᠠᠨ᠎ᠠ
 ᠨᠠᠢ᠍ᠮᠠᠨ ᠵᠦᠭ ᠦ᠋ᠨ ᠠᠮᠢᠲᠠᠨ ᠪ ᠪᠠᠬᠠᠷᠬᠠᠯ ᠊ᠢ
 ᠨᠠᠭᠤᠢ ᠶᠡᠬᠡ ᠲᠠᠲᠠᠭᠰᠠᠨ ᠶ᠋ᠢᠠᠨ ᠱᠠᠭᠰᠢᠨ
 ᠨᠠᠶ᠋ᠢᠷᠠᠭᠴᠢ ᠰᠢᠯᠦᠭᠴᠢ ᠶ᠋ᠢᠨ ᠤᠶᠠᠩᠬ᠋᠎ᠠ ᠰᠡᠤᠠᠬᠢᠯᠭᠡ ᠶ᠋ᠢ
 ᠨᠠᠮᠤᠭᠷᠠᠰᠢ ᠦᠭᠡᠢ ᠣᠷᠭᠢᠯᠤᠭᠤᠯᠤᠭᠰᠠᠨ ᠶ᠋ᠢᠠᠨ ᠪᠠᠬᠠᠲᠤᠨ
 ᠨᠠᠪ ᠨᠠᠮᠤᠭᠤᠬᠠᠨ ᠱᠠᠷᠴᠢᠭᠢᠨᠠᠨ ᠤᠨᠠᠨ᠎ᠠ
 ᠨᠠᠰᠤᠲᠠᠨ ᠲᠤᠮᠤᠭᠠᠴᠤᠤᠯ ᠦ᠋ᠨ ᠢᠷᠥᠭᠡᠯ ᠵᠥᠩᠨᠡᠯ ᠊ᠢ
 ᠨᠢᠮᠪᠠᠢ ᠬᠢᠴᠢᠶᠡᠩᠭᠦᠢ ᠬᠦᠷᠲᠡᠭᠰᠡᠨ ᠶ᠋ᠢᠡᠨ ᠡᠷᠭᠢᠴᠡᠭᠦᠯᠦᠨ
 ᠨᠠᠭᠠᠲᠤᠬᠢ ᠬᠣᠷᠸ᠋᠎ᠠ ᠶ᠋ᠢᠨ ᠵᠢᠮ᠎ᠡ ᠬᠠᠤᠯᠢ ᠪᠠᠷ
 ᠨᠠᠰᠤᠨ ᠪ ᠲᠣᠭᠠᠯᠠᠯ ᠶ᠋ᠢᠠᠨ ᠲᠡᠭᠦᠰᠬᠡᠭᠰᠡᠨ ᠶ᠋ᠢᠡᠨ ᠲᠤᠩᠬᠠᠭᠯᠠᠨ
 ᠨᠠᠪ ᠨᠠᠮᠤᠭᠤᠬᠠᠨ ᠱᠠᠷᠴᠢᠭᠢᠨᠠᠨ ᠤᠨᠠᠨ᠎ᠠ ᠃

ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

     ᠦᠰᠦᠭ ᠠᠮᠢᠯᠠᠭᠤᠯᠤᠭᠴᠢ ᠄ ᠪᠠᠶᠠᠷᠴᠡᠴᠡᠭ
        ᠬᠢᠨᠠᠭᠴᠢ ᠄ ᠪᠠᠶᠠᠷᠴᠡᠴᠡᠭ
            20230307