ᠡᠪᠲᠡᠢ ᠳᠥᠷᠪᠡᠨ ᠠᠮᠢᠲᠠᠨЭвтэй дөрвөн амьтан ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠲᠡᠢ ᠳᠥᠷᠪᠡᠨ ᠠᠮᠢᠲᠠᠨЭвтэй дөрвөн амьтан

ᠡᠪᠲᠡᠢ ᠳᠥᠷᠪᠡᠨ ᠠᠮᠢᠲᠠᠨЭвтэй дөрвөн амьтан

ᠠᠩᠭᠢᠯᠠᠯ:ᠳᠣᠮᠣᠭ ᠦᠯᠢᠭᠡᠷ
2023-03-16

739

ᠡᠪᠲᠡᠢ ᠳᠥᠷᠪᠡᠨ ᠠᠮᠢᠲᠠᠨ 

ᠡᠷᠲᠡ ᠤᠷᠢᠲᠤ ᠶ᠋ᠢᠨ ᠴᠠᠭ ᠲᠤ
ᠡᠨᠡᠤᠠᠬᠡᠭ ᠣᠷᠣᠨ ᠪ ᠨᠢᠭᠡᠨ ᠰᠠᠶ᠋ᠢᠬᠠᠨ ᠣᠢ ᠮᠣᠲᠣᠨ ᠳᠦ
ᠲᠠᠭᠲᠠᠬ᠋᠎ᠠ ᠲᠠᠤᠯᠠᠢ
ᠰᠠᠷᠮᠠᠭᠴᠢᠨ ᠵᠠᠭᠠᠨ ᠳᠥᠷᠪᠡ ᠣᠯᠠᠨ ᠵᠢᠯ
ᠬᠠᠮᠲᠤ ᠳ᠋ᠠᠭᠠᠨ ᠠᠮᠢᠲᠤᠷᠠᠵᠤ ᠪᠠᠶ᠋ᠢᠵᠠᠢ ᠃
ᠲᠡᠭᠡᠲᠡᠯ᠎ᠡ ᠨᠢᠭᠡᠨ ᠡᠲᠦᠷ ᠲᠡᠲᠡ ᠡᠶ᠋ᠢᠨ ᠶᠠᠷᠢᠯᠴᠠᠵᠤ ᠭᠡᠨ᠎ᠡ
ᠪᠢᠲᠡ ᠳᠥᠷᠪᠡ ᠡᠪᠲᠡᠢ
ᠰᠠᠶ᠋ᠢᠬᠠᠨ ᠠᠮᠢᠲᠤᠷᠠᠨ ᠰᠠᠭᠤᠬᠤ ᠠ᠋ᠴᠠ ᠭᠠᠲᠠᠨ᠎ᠠ
ᠪᠢᠲᠡᠨ ᠪ ᠨᠢᠭᠡ ᠨᠢ ᠲᠣᠮᠣ ᠠᠬ᠎ᠠ ᠪᠣᠯᠪᠠᠯ
ᠳᠡᠭᠦᠦ ᠨᠡᠷ ᠨᠢ ᠠᠬ᠎ᠠ ᠶ᠋ᠢ ᠪᠡᠨ ᠬᠦᠨᠲᠦᠯᠡᠨ ᠡᠷᠭᠦᠵᠦ
ᠠᠬ᠎ᠠ ᠨᠢ ᠳᠡᠭᠦᠦ ᠨᠡᠷ ᠶ᠋ᠢᠡᠨ ᠲᠡᠤᠠᠬᠦᠵᠦ ᠶᠠᠪᠤᠶ᠎ᠠ ᠭᠡᠵᠦ ᠭᠡᠨ᠎ᠡ ᠃
ᠲᠡᠭᠡᠭᠡᠳ ᠬᠡᠨ ᠨᠢ ᠠᠬ᠎ᠠ ᠪᠣᠯᠬᠤ ᠶ᠋ᠢ
ᠪᠡᠶ᠎ᠡ ᠪᠡᠶᠡᠨ ᠡᠴᠡ ᠪᠡᠨ ᠠᠰᠠᠭᠤᠵᠤ ᠭᠡᠨ᠎ᠡ
ᠲᠡᠭᠡᠲᠡᠯ᠎ᠡ ᠲᠡᠲᠡᠨ ᠪ ᠳᠡᠷᠭᠡᠳᠡ ᠨᠢᠭᠡᠨ ᠲᠣᠮᠣ ᠮᠣᠲᠣ ᠪᠠᠶ᠋ᠢᠬᠤ ᠶ᠋ᠢ ᠦᠵᠡᠭᠡᠳ ᠵᠠᠭᠠᠨ ᠨᠠᠮ᠎ᠠ ᠶ᠋ᠢ ᠵᠢᠭᠠᠬᠠᠨ ᠲᠤᠭᠤᠯ ᠪᠠᠶ᠋ᠢᠬᠤ ᠳᠦ ᠡᠨᠡ ᠮᠣᠲᠣ ᠨᠠᠲᠠ ᠲᠠᠢ ᠴᠢᠴᠠᠤ ᠥᠨᠲᠥᠷ ᠲᠡᠢ ᠪᠠᠶ᠋ᠢᠬᠰᠠᠨ
ᠲᠡᠷᠡ ᠦᠶ᠎ᠡ ᠳᠦ ᠪᠢ ᠡᠭᠦᠨ ᠊ᠢ ᠱᠦᠷᠭᠦᠭᠡᠨ ᠲᠣᠭᠯᠠᠲᠠᠭ ᠪᠠᠶ᠋ᠢᠯ᠎ᠠ ᠭᠡᠵᠦ ᠭᠡᠨ᠎ᠡ ᠃
ᠬᠠᠷᠢᠨ ᠪᠡᠴᠢ ᠬᠠᠷᠢᠭᠤ ᠳᠦ ᠨᠢ ᠨᠠᠮ᠎ᠠ ᠶ᠋ᠢ ᠵᠢᠭᠠᠬᠠᠨ ᠪᠠᠶ᠋ᠢᠬᠤ ᠳᠦ ᠡᠨᠡ ᠮᠣᠲᠣ ᠳᠡᠭᠦᠯᠢᠨ ᠲᠣᠭᠯᠠᠬᠤ ᠮᠥᠴᠢᠷ ᠦᠭᠡᠢ ᠨᠠᠲᠠ ᠲᠠᠢ ᠠᠲᠠᠯᠢᠬᠠᠨ ᠬᠡᠮᠵᠢᠶ᠎ᠡ ᠲᠡᠢ ᠪᠠᠶ᠋ᠢᠬᠰᠠᠨ ᠲᠤᠯᠠ ᠰᠡᠭᠦᠲᠡᠷ ᠨᠢ ᠨᠠᠮ᠎ᠠ ᠶ᠋ᠢ ᠠᠷᠠᠶ᠋ᠢᠬᠠᠨ ᠬᠠᠯᠬᠠᠯᠠᠲᠠᠭ ᠪᠠᠶ᠋ᠢᠬᠰᠠᠨ ᠭᠡᠵᠦ ᠭᠡᠨ᠎ᠡ ᠃
ᠡᠭᠦᠨ ᠊ᠢ ᠰᠣᠨᠣᠰᠤᠭᠰᠠᠨ ᠲᠠᠤᠯᠠᠢ ᠨᠠᠮ᠎ᠠ ᠶ᠋ᠢ ᠵᠢᠭᠠᠬᠠᠨ ᠪᠥᠵᠥᠩ ᠪᠠᠶ᠋ᠢᠬᠤ ᠳᠦ ᠡᠨᠡ ᠮᠣᠲᠣ ᠳᠥᠩᠭᠡᠵᠦ ᠦᠨᠲᠦᠰᠦᠯᠡᠵᠦ ᠪᠠᠶ᠋ᠢᠬᠰᠠᠨ ᠲᠤᠯᠠ ᠪᠢ ᠦᠨᠲᠦᠰᠦ ᠡᠴᠡ ᠨᠢ ᠮᠠᠯᠲᠠᠵᠤ ᠢᠲᠡᠲᠡᠭ ᠪᠠᠶ᠋ᠢᠬᠰᠠᠨ
ᠬᠠᠷᠢᠨ ᠲᠠᠭᠲᠠᠬ᠋᠎ᠠ ᠰᠢᠪᠠᠭᠤ ᠪᠢ ᠨᠢᠭᠡᠨ ᠤᠲᠠᠬ᠋᠎ᠠ ᠮᠣᠲᠣᠨ ᠪ ᠦᠷ᠎ᠡ ᠵᠠᠭᠤᠨ ᠨᠢᠰᠴᠦ ᠶᠠᠪᠤᠭᠠᠳ ᠡᠨᠲᠡ ᠤᠨᠠᠭᠠᠴᠢᠬᠠᠭᠰᠠᠨ ᠶᠤᠮ
ᠲᠡᠭᠡᠭᠡᠳ ᠡᠨᠡ ᠮᠣᠲᠣ ᠤᠷᠭᠤᠭᠰᠠᠨ ᠶᠤᠮ ᠳ᠋ᠠ ᠭᠡᠯ᠎ᠡ ᠃
ᠲᠡᠲᠡ ᠡᠶ᠋ᠢᠨᠬᠦ ᠬᠡᠯᠡᠯᠴᠡᠭᠰᠡᠨ ᠪ ᠳ᠋ᠦ᠋ᠩ ᠳᠦ ᠬᠠᠮᠤᠭ ᠦ᠋ᠨ ᠲᠣᠮᠣ ᠠᠬ᠎ᠠ ᠨᠢ ᠲᠠᠭᠲᠠᠬ᠋᠎ᠠ
ᠤᠲᠠᠭᠠᠬᠢ ᠨᠢ ᠲᠠᠤᠯᠠᠢ ᠳᠠᠷᠠᠬ᠋᠎ᠠ ᠨᠢ ᠰᠠᠷᠮᠠᠭᠴᠢᠨ ᠬᠠᠮᠤᠭ ᠦ᠋ᠨ ᠣᠤᠠᠬᠤᠨ ᠳᠡᠭᠦᠦ ᠨᠢ ᠵᠠᠭᠠᠨ ᠪᠣᠯᠵᠤ ᠲᠠᠭᠠᠷᠠᠵᠠᠢ ᠃
ᠳᠡᠭᠦᠦ ᠨᠢ ᠠᠬ᠎ᠠ ᠶ᠋ᠢ ᠪᠡᠨ ᠬᠦᠨᠲᠦᠯᠡᠬᠦ ᠪᠡᠷ ᠬᠡᠯᠡᠯᠴᠡᠭᠰᠡᠨ ᠲᠤᠯᠠ ᠵᠠᠭᠠᠨ ᠰᠠᠷᠮᠠᠭᠴᠢᠨ ᠊ᠢ ᠬᠦᠨᠲᠦᠯᠡᠵᠦ ᠨᠢᠷᠤᠭᠤᠨ ᠳᠡᠭᠡᠷ᠎ᠡ ᠪᠡᠨ ᠭᠠᠷᠭᠠᠪᠠ
ᠰᠠᠷᠮᠠᠭᠴᠢᠨ ᠨᠢ ᠲᠠᠤᠯᠠᠢ ᠶ᠋ᠢ ᠠᠬ᠎ᠠ ᠡ ᠭᠡᠵᠦ ᠬᠦᠨᠲᠦᠯᠡᠨ ᠮᠥᠷᠦᠨ ᠳᠡᠭᠡᠷ᠎ᠡ ᠪᠡᠨ ᠰᠠᠭᠤᠯᠭᠠᠪᠠ
ᠲᠠᠤᠯᠠᠢ ᠨᠢ ᠲᠠᠭᠲᠠᠬ᠋᠎ᠠ ᠰᠢᠪᠠᠭᠤ ᠶ᠋ᠢ ᠠᠬ᠎ᠠ ᠬᠡᠮᠡᠨ ᠬᠦᠨᠲᠦᠤᠠᠬᠡᠨ ᠳᠡᠭᠡᠷ᠎ᠡ ᠪᠡᠨ ᠭᠠᠷᠭᠠᠵᠤ ᠭᠡᠨ᠎ᠡ ᠃
ᠬᠠᠷᠢᠨ ᠲᠠᠭᠲᠠᠬ᠋᠎ᠠ ᠥᠨᠥᠬᠢ ᠮᠣᠲᠣᠨ ᠪ ᠦᠷ᠎ᠡ ᠵᠢᠮᠢᠰᠦᠨ ᠳᠦ ᠬᠦᠷᠴᠦ ᠠᠪᠤᠨ ᠳᠡᠭᠦᠦ ᠨᠡᠷ ᠎ᠲᠤ᠌ ᠪᠠᠨ ᠲᠦᠭᠡᠭᠡᠨ ᠥᠭᠴᠦ ᠲᠡᠤᠠᠬᠦᠲᠡᠭ ᠪᠣᠯᠵᠠᠢ ᠃
ᠡᠨᠡ ᠪᠦᠭᠦᠲᠡ ᠡᠴᠡ ᠦᠵᠡᠬᠦ ᠳᠦ
ᠳᠡᠭᠦᠦ ᠨᠢ ᠠᠬ᠎ᠠ ᠶ᠋ᠢ ᠪᠡᠨ
ᠠᠬ᠎ᠠ ᠨᠢ ᠳᠡᠭᠦᠦ ᠪᠡᠨ ᠬᠦᠨᠲᠦᠯᠡᠵᠦ ᠬᠠᠶ᠋ᠢᠷᠠᠯᠠᠪᠠᠯ ᠡᠪᠲᠡᠢ ᠨᠠᠶ᠋ᠢᠷᠲᠠᠢ
ᠠᠵᠠ ᠵᠢᠷᠭᠠᠯ ᠲᠠᠢ ᠠᠮᠢᠲᠤᠷᠠᠲᠠᠭ ᠊ᠢ ᠬᠠᠷᠠᠭᠤᠯᠵᠤ ᠭᠡᠨ᠎ᠡ ᠃

ᠦᠰᠦᠭ ᠠᠮᠢᠯᠠᠭᠤᠯᠤᠭᠴᠢ᠄  ᠨᠠᠷᠠᠨ᠎ᠠ

ᠦᠰᠦᠭ ᠬᠠᠳᠠᠭᠴᠢ᠄  ᠨᠠᠷᠠᠨ᠎ᠠ
ᠬᠢᠨᠠᠭᠴᠢ ᠪᠠᠭᠰᠢ᠄  ᠮᠥᠩᠭᠦᠨᠴᠡᠴᠡᠭ ᠣᠲᠦᠨ ᠭᠠᠷᠮ᠎ᠠ