ᠲᠦᠮᠡᠨ ᠴᠠᠭᠠᠨ ᠲᠠᠢ ᠠᠳᠤᠭᠤ- ᠤᠷᠠᠳ ᠠᠷᠠᠳ ᠤᠨ ᠳᠠᠭᠤᠤТүмэн цагаантай адуу-урд ардын дуу
ᠤᠷᠠᠳ ᠠᠷᠠᠳ ᠤᠨ ᠳᠠᠭᠤᠤ
ᠲᠦᠮᠡᠨ ᠴᠠᠭᠠᠨ ᠲᠡᠢ ᠠᠳᠤᠭᠤ ᠶᠠᠨ ᠪᠠᠢᠨ᠎ᠠ
ᠳᠥᠭᠥᠮ ᠢᠶᠡᠷ ᠳᠦᠭᠦᠷᠡᠩ ᠶᠤᠮ ᠬᠦᠢ
ᠲᠦᠮᠡᠨ ᠨᠠᠰᠤᠲᠠᠢ ᠪᠣᠭᠲᠠ ᠡᠵᠡᠨ
ᠲᠦᠭᠡᠮᠡᠯ ᠪᠠᠶᠠᠨ ᠶᠤᠮ ᠬᠦᠢ
ᠮᠢᠩᠭᠠᠨ ᠴᠠᠭᠠᠨ ᠲᠠᠢ ᠠᠲᠤᠭᠤ ᠶᠠᠨ
ᠪᠠᠢᠨ᠎ᠠ
ᠮᠠᠩᠬ᠎ᠠ ᠪᠠᠷ ᠳᠦᠭᠦᠷᠡᠩ ᠶᠤᠮ ᠬᠦᠢ
ᠮᠢᠩᠭᠠᠨ ᠨᠠᠰᠤᠲᠠᠢ ᠪᠣᠭᠲᠠ ᠡᠵᠡᠨ
ᠮᠢᠯᠢᠶᠠᠮᠠᠯ ᠪᠠᠶᠠᠨ ᠶᠤᠮ ᠬᠦᠢ
ᠤᠯᠠᠭᠠᠨ ᠶᠠᠭᠠᠨ ᠴᠠᠭᠠᠰᠤᠨ ᠳᠡᠭᠡᠷ᠎ᠡ ᠨᠢ
ᠪᠡᠬᠡ ᠨᠢ ᠲᠡᠮᠲᠡᠭ ᠶᠤᠮ ᠬᠦᠢ
ᠤᠯᠢᠶᠠᠷᠠᠬᠠᠭ ᠪᠠᠬ᠋᠎ᠠ ᠶᠢᠨ ᠤᠷᠤᠭᠤᠯ
ᠳᠡᠭᠡᠷ᠎ᠡ ᠨᠢ ᠮᠡᠩᠭᠡ ᠨᠢ ᠲᠡᠮᠲᠡᠭ ᠶᠤᠮ ᠬᠦᠢ
ᠴᠠᠭᠠᠨ ᠶᠠᠭᠠᠨ ᠴᠠᠭᠠᠰᠤᠨ ᠳᠡᠭᠡᠷ᠎ᠡ ᠨᠢ
ᠪᠡᠬᠡ ᠨᠢ ᠲᠡᠮᠲᠡᠭ ᠶᠤᠮ ᠬᠦᠢ
ᠴᠠᠭᠠᠯᠠᠬᠠᠨ ᠪᠠᠬ᠋᠎ᠠ ᠶᠢᠨ ᠴᠢᠷᠠᠢ ᠳᠡᠭᠡᠷ᠎ᠡ
ᠨᠢ
ᠮᠡᠩᠭᠡ ᠨᠢ ᠲᠡᠮᠲᠡᠭ ᠶᠤᠮ ᠬᠦᠢ
ᠠᠮᠠ ᠳᠥᠷᠪᠡᠯᠵᠢᠨ ᠴᠠᠭᠠᠰᠤᠨ ᠳᠡᠭᠡᠷ᠎ᠡ ᠨᠢ
ᠪᠢᠴᠢᠭ ᠊ᠢ ᠨᠢ ᠪᠢᠴᠢᠭᠰᠡᠨ ᠶᠤᠮ ᠬᠦᠢ
ᠠᠯᠲᠠ ᠴᠠᠭᠠᠨ ᠬᠠᠲᠠᠭ ᠢᠶᠡᠷ
ᠢᠶᠡᠨ ᠠᠮᠤᠷ ᠊ᠢ ᠴᠢᠨᠢ ᠠᠰᠠᠭᠤᠭᠰᠠᠨ ᠶᠤᠮ ᠬᠦᠢ
ᠦᠰᠦᠭ ᠠᠮᠢᠯᠠᠭᠤᠯᠤᠭᠴᠢ ᠄ ᠲᠣᠲᠣᠭᠡᠷᠡᠯ
ᠦᠰᠦᠭ ᠬᠠᠲᠠᠭᠴᠢ ᠄ ᠲᠣᠲᠣᠭᠡᠷᠡᠯ
ᠬᠢᠨᠠᠭᠴᠢ ᠄ ᠠᠵᠢᠵᠠᠶᠠᠬ᠋ᠠ᠂ ᠣᠳᠣᠨ
