ᠳᠡᠭᠡᠳᠦᠰ ᠮᠢᠨᠢ ᠥᠷᠥᠰᠢᠶᠡ - ᠭ · ᠴᠢᠩᠪᠠᠭᠠᠲᠤᠷ Дээдэс минь өршөө - Г · Чинбаатар
ᠳᠡᠭᠡᠳᠦᠰ ᠮᠢᠨᠢ ᠥᠷᠥᠰᠢᠶᠡ
ᠭ · ᠴᠢᠩᠪᠠᠭᠠᠲᠤᠷ
ᠴᠢᠩᠭᠢᠰ ᠡᠴᠡ ᠪᠤᠰᠤᠳ ᠳᠡᠭᠡᠳᠦᠰ ᠶ᠋ᠢᠡᠨ ᠲᠣᠭᠣᠬᠤ ᠦᠭᠡᠢ ᠶᠡᠬᠡᠷᠬᠡᠦ
ᠥᠷᠥᠰᠢᠶᠡ ᠂ ᠳᠡᠭᠡᠳᠦᠰ ᠮᠢᠨᠢ
ᠥᠴᠦᠬᠡᠨ ᠪᠢᠲᠡᠨ ᠊ᠢ ᠥᠷᠥᠰᠢᠶᠡ
ᠥᠪᠡᠷ ᠡᠴᠡ ᠴᠢᠨᠢ ᠲᠠᠰᠤᠷᠠᠵᠤ
ᠡᠭᠦᠯᠡ ᠲᠡᠢ ᠲᠩᠷᠢ ᠶ᠋ᠢᠨ ᠳᠣᠣᠷ᠎ᠠ ᠳᠠᠭᠠᠷᠠᠵᠤ ᠦᠯᠡᠳᠡᠭᠰᠡᠨ
ᠬᠠᠪᠤᠷ ᠦ᠋ᠨ ᠪᠠᠭᠤᠷᠠᠢ ᠰᠢᠭ᠋ ᠪᠢᠲᠡᠨ ᠶ᠋ᠢᠡᠨ
ᠬᠠᠭᠠᠨ ᠳᠡᠭᠡᠳᠦᠰ ᠦ᠋ᠳ ᠮᠢᠨᠢ ᠥᠷᠥᠰᠢᠶᠡ!
ᠴᠠᠭ ᠦ᠋ᠨ ᠰᠠᠯᠬᠢᠨ ᠊ᠢ ᠢᠯᠲᠦ ᠰᠢᠬ ᠴᠠᠪᠴᠢᠵᠤ
ᠴᠠᠭᠠᠨ ᠬᠡᠷᠡᠮ ᠊ᠢ ᠰᠤᠮᠤ ᠰᠢᠭ᠋ ᠲᠤᠭᠤᠯᠵᠤ
ᠴᠠᠪᠴᠢᠯᠲᠤᠬᠤ ᠳᠠᠶ᠋ᠢᠰᠤᠨ ᠊ᠢ ᠬᠢᠶᠠᠷ ᠴᠣᠬᠢᠵᠤ
ᠬᠣᠶᠠᠷ ᠲᠢᠪ ᠦ᠋ᠨ ᠬᠣᠶ᠋ᠢᠮᠣᠷ ᠵᠠᠪᠢᠯᠠᠵᠤ
ᠬᠣᠷᠸ᠋᠎ᠠ ᠳᠡᠯᠡᠬᠡᠢ ᠶ᠋ᠢ ᠰᠦᠯᠲᠠᠨ ᠳᠤ ᠪᠡᠨ ᠬᠤᠷᠢᠶᠠᠭᠰᠠᠨ
ᠣᠮᠣᠭᠲᠤ ᠤᠲᠤᠮ ᠦ᠋ᠨ ᠳᠣᠮᠣᠭᠲᠤ ᠲᠡᠦᠬᠡ ᠶ᠋ᠢᠨ
ᠣᠭᠣᠷᠴᠣᠭ ᠪᠣᠯᠤᠭᠰᠠᠨ ᠬᠣᠶ᠋ᠢᠴᠢᠰ ᠶ᠋ᠢᠠᠨ ᠥᠷᠥᠰᠢᠶᠡ
ᠥᠰᠲᠡᠢ ᠲᠡᠦᠬᠡ ᠶ᠋ᠢᠨ ᠲᠣᠷᠭᠠᠨ ᠢᠷ ᠳᠡᠭᠡᠷ᠎ᠡ
ᠡᠴᠢᠨᠡᠭᠡᠨ ᠵᠢᠯ ᠵᠣᠪᠠᠵᠤ ᠡᠯᠡᠭᠰᠡᠨ ᠪ ᠴᠢᠨᠢ ᠬᠠᠷᠢᠭᠤ
ᠦᠷ᠎ᠡ ᠬᠣᠶ᠋ᠢᠴᠢᠰ ᠲᠤ ᠪᠠᠨ ᠥᠷᠢ ᠲᠡᠢ ᠶᠤᠮ ᠰᠢᠭ᠌ ᠰᠠᠨᠠᠵᠤ
ᠥᠪᠡᠷᠰᠡᠳ ᠊ᠢ ᠴᠢᠨᠢ ᠴᠢᠮᠠᠯᠠᠵᠤ ᠶᠠᠪᠤᠭᠰᠠᠨ ᠊ᠢ ᠥᠷᠥᠰᠢᠶᠡ
ᠢᠵᠠᠭᠤᠷ ᠳᠡᠭᠡᠳᠦ ᠬᠡᠲᠦᠨ ᠮᠣᠩᠭᠣᠯ ᠶ᠋ᠢᠠᠨ
ᠶᠠᠰᠤ ᠪᠠᠨ ᠨᠢᠮᠭᠡᠷᠡᠵᠦ᠂ ᠴᠢᠰᠤ ᠪᠠᠨ ᠰᠢᠩᠭᠡᠷᠡᠲᠡᠯ᠎ᠡ ᠰᠠᠨᠠᠵᠤ ᠶᠠᠪᠤᠭᠰᠠᠨ ᠶᠤᠮ
ᠬᠢᠬᠦ ᠦᠭᠡᠢ ᠬᠥᠮᠦᠨ ᠳᠤ ᠪᠤᠷᠤᠭᠤ ᠪᠠᠶ᠋ᠢᠲᠠᠭ ᠦᠭᠡᠢ ᠶᠤᠮ
ᠬᠢᠭᠰᠡᠨ ᠨᠢᠭᠡᠨ ᠪ ᠪᠡᠨ ᠭᠠᠪᠢᠶ᠎ᠠ ᠶ᠋ᠢ ᠥᠴᠦᠬᠡᠨ ᠠᠯᠲᠠᠬ᠋᠎ᠠ ᠪᠠᠷ ᠪᠠᠯᠠᠯᠬᠤ ᠭᠡᠵᠦ
ᠬᠢᠭᠡ ᠦᠭᠡᠢ ᠪᠦᠬᠦ ᠬᠥᠮᠦᠰ ᠰᠢᠭᠤᠷᠬ᠋ᠠ ᠰᠢᠭ᠋ ᠪᠤᠵᠢᠭᠢᠨᠠᠲᠠᠭ ᠶᠤᠮ
ᠬᠡᠷᠪᠡ ᠬᠡᠲᠦᠨ ᠵᠠᠭᠤᠨ ᠪ ᠡᠮᠦᠨ᠎ᠡ ᠥᠨᠥᠲᠥᠷ ᠦ᠋ᠨ ᠪᠢᠲᠡ ᠪᠠᠶ᠋ᠢᠬᠰᠠᠨ ᠰᠠᠨ ᠪᠣᠯ
ᠬᠡᠲᠦᠨ ᠮᠣᠩᠭᠣᠯ ᠶ᠋ᠢᠠᠨ ᠡᠪᠯᠡᠭᠦᠯᠵᠦ ᠰᠠᠭᠤᠬᠤ ᠶ᠋ᠢ ᠪᠤᠤ ᠬᠡᠯᠡ
ᠭᠡᠰᠡᠭ ᠲᠡᠢ ᠰᠢᠪᠠᠷ ᠳᠠᠯᠠᠢ ᠳᠤ ᠤᠨᠠᠭᠰᠠᠨ ᠰᠢᠭ᠋ ᠯᠠ ᠠᠯᠠᠬ᠋᠎ᠠ ᠪᠣᠯᠬᠤ ᠪᠠᠶ᠋ᠢᠬᠰᠠᠨ
ᠭᠠᠯ ᠳᠤᠮᠳᠠᠭᠤᠷ ᠬᠤᠶᠠᠭ ᠲᠠᠢ ᠪᠠᠨ ᠲᠠᠭᠣᠴᠢᠵᠤ
ᠭᠠᠰᠠᠯᠠᠩ ᠳᠤᠮᠳᠠᠭᠤᠷ ᠮᠥᠷ ᠲᠡᠢ ᠪᠡᠨ ᠲᠤᠭᠤᠯᠵᠤ
ᠭᠠᠩ ᠢᠯᠲᠦᠨ ᠪ ᠪᠠᠷᠢᠭᠤᠯ ᠠ᠋ᠴᠠ ᠭᠠᠷ ᠰᠠᠯᠭᠠᠯ ᠦᠭᠡᠢ ᠪᠠᠶ᠋ᠢᠯᠲᠤᠵᠤ
ᠭᠠᠵᠠᠷ ᠳᠡᠭᠡᠷ᠎ᠡ ᠬᠡᠲᠦᠨ ᠮᠣᠩᠭᠣᠯ ᠶ᠋ᠢᠠᠨ ᠦᠯᠡᠲᠡᠭᠡᠬᠦ ᠭᠡᠵᠦ
ᠵᠠᠭᠤ ᠵᠠᠭᠤᠨ ᠵᠢᠯ ᠶ᠋ᠢᠠᠷ ᠰᠢᠨᠠᠯᠤᠭᠰᠠᠨ ᠳᠡᠭᠡᠳᠦᠰ ᠶ᠋ᠢᠡᠨ
ᠵᠣᠷᠢᠬ ᠶ᠋ᠢᠠᠷ ᠰᠠᠭᠤᠵᠤ ᠨᠢᠯᠬᠠᠷᠠᠨ ᠡᠷᠬᠢᠯᠡᠬᠦ ᠳᠤ ᠪᠡᠨ ᠥᠭᠡᠯᠡᠵᠦ ᠰᠠᠭᠤᠭᠰᠠᠨ
ᠵᠤᠲᠠᠷᠠᠭᠤ ᠠᠲᠠᠯ᠎ᠠ ᠪᠠᠨ ᠨᠡᠷᠡᠯᠬᠡᠦ ᠪᠢᠲᠡᠨ ᠶ᠋ᠢᠠᠨ ᠥᠷᠥᠰᠢᠶᠡ
2007.2.20
ᠦᠰᠦᠭ ᠠᠮᠢᠯᠠᠭᠤᠯᠤᠭᠴᠢ ᠄ ᠭᠡᠷᠡᠯ
ᠬᠢᠨᠠᠭᠴᠢ ᠄ ᠪᠠᠯᠵᠢ
