ᠲᠩᠷᠢ ᠶᠢᠨ ᠪᠦᠰᠡᠭᠦᠢ- ᠲ · ᠳᠡᠯᠭᠡᠷᠮᠦ᠋ᠷᠡᠨТэнгэрийн бүсгүй-т · дэлгэрмран
ᠲᠩᠷᠢ ᠶᠢᠨ ᠪᠦᠰᠡᠭᠦᠢ
ᠦᠭᠡ ᠄ ᠴ · ᠪᠠᠪᠤᠤᠳᠣᠷᠵᠢ
ᠠᠶ᠎ᠠ ᠄ ᠳ · ᠴᠡᠴᠡᠷᠯᠢᠭ
ᠳᠠᠭᠤᠴᠢᠨ ᠄ ᠲ · ᠳᠡᠯᠭᠡᠷᠮᠦ᠋ᠷᠡᠨ
ᠭᠡᠷ ᠳᠦᠭᠦᠷᠡᠩ ᠭᠡᠭᠡ ᠲᠠᠲᠠᠭᠤᠯᠤᠭᠰᠠᠨ
ᠭᠡᠷᠭᠡᠢ ᠽᠠᠨᠳᠠᠨ ᠪᠦᠰᠡᠭᠦᠢ ᠴᠢ ᠮᠢᠨᠢ ᠳ᠋ᠡ
ᠭᠢᠰᠬᠢᠭᠰᠡᠨ ᠭᠠᠵᠠᠷ ᠲᠦ ᠪᠠᠨ ᠴᠡᠴᠡᠭ ᠤᠷᠭᠤᠭᠤᠯᠤᠭᠰᠠᠨ
ᠭᠡᠵᠢᠭᠡ ᠲᠠᠢ ᠽᠠᠨᠳᠠᠨ ᠲᠩᠷᠢ ᠶ᠋ᠢᠨ ᠪᠦᠰᠡᠭᠦᠢ ᠶᠡ
ᠨᠠᠷᠠ ᠰᠠᠷᠠᠨ ᠳᠤ ᠰᠥᠭᠥᠳᠴᠦ ᠭᠤᠶᠤᠭᠰᠠᠨ ᠶᠤᠮ ᠠ᠋
ᠨᠠᠨᠳᠢᠨ ᠤᠴᠠᠷᠠᠯ ᠪᠠᠶ᠋ᠢᠯᠭᠦᠢ ᠳ᠋ᠡ
ᠠᠷᠭ᠎ᠠ ᠦᠭᠡᠢ ᠳ᠋ᠡ ᠠᠷᠭ᠎ᠠ ᠦᠭᠡᠢ ᠳ᠋ᠡ
ᠲᠩᠷᠢ ᠶ᠋ᠢᠨ ᠪᠦᠰᠡᠭᠦᠢ ᠴᠢ ᠮᠢᠨᠢ ᠴᠢ ᠮᠢᠨᠢ ᠳ᠋ᠡ
ᠽᠠᠮᠪᠤᠯᠢᠩ ᠢ ᠭᠡᠶ᠋ᠢᠲᠡᠯᠡ ᠮᠢᠰᠢᠶᠡᠯ ᠰᠠᠴᠤᠷᠠᠭᠤᠯᠤᠭᠰᠠᠨ
ᠵᠠᠪᠢᠯᠠᠭᠰᠠᠨ ᠽᠠᠨᠳᠠᠨ ᠠᠮᠠᠷᠠᠭ ᠴᠢ ᠮᠢᠨᠢ ᠳ᠋ᠡ
ᠡᠩᠭᠡᠷ ᠴᠡᠭᠡᠵᠢᠨ ᠳᠦ ᠪᠠᠨ ᠬᠦᠦ ᠪᠠᠨ ᠡᠷᠬᠡᠯᠡᠭᠦᠯᠦᠭᠰᠡᠨ
ᠡᠵᠢ ᠽᠠᠨᠳᠠᠨ ᠲᠩᠷᠢ ᠶ᠋ᠢᠨ ᠪᠦᠰᠡᠭᠦᠢ ᠶᠡ
ᠳᠠᠭᠢᠯᠲᠠ
ᠪᠥᠷᠲᠡ ᠰᠠᠷ᠎ᠠ ᠶ᠋ᠢ ᠳᠠᠭᠤᠯᠠᠲᠠᠯᠠ ᠤᠶᠠᠷᠠᠭᠠᠭᠰᠠᠨ
ᠪᠦᠪᠡᠢ ᠽᠠᠨᠳᠠᠨ ᠬᠣᠩᠭᠣᠷ ᠴᠢ ᠮᠢᠨᠢ ᠳ᠋ᠡ
ᠡᠰᠬᠡᠭᠰᠡᠨ ᠲᠣᠷᠭᠠᠨ ᠳᠤ ᠪᠠᠨ ᠤᠶᠠᠩᠭ᠎ᠠ ᠳᠠᠭᠠᠭᠤᠯᠤᠭᠰᠠᠨ
ᠢᠪᠡᠭᠡᠯ ᠽᠠᠨᠳᠠᠨ ᠲᠩᠷᠢ ᠶ᠋ᠢᠨ ᠪᠦᠰᠡᠭᠦᠢ ᠶᠡ
ᠳᠠᠭᠢᠯᠲᠠ
